摘要 |
ᠠᠷᠠᠳ ᠤᠨ ᠠᠮᠠᠨ ᠵᠣᠬᠢᠶᠠᠯ ᠳ᠋ᠤ ᠱᠠᠰᠢᠨ ᠤ ᠶᠣᠰᠤ᠂ ᠪᠣᠷᠬᠠᠨ ᠤ ᠨᠣᠮᠯᠠᠯ᠂ ᠢᠯᠡᠷᠡᠳᠡᠭ ᠨᠢ ᠨᠢᠭᠡ ᠵᠦᠢᠯ ᠤᠨ ᠲᠡᠦᠬᠡᠨ ᠦᠵᠡᠭᠳᠡᠯᠯ ᠮᠦᠨ᠃ ᠠᠯᠢ ᠴᠦ ᠤᠯᠤᠰ ᠦᠨᠳᠦᠰᠦᠲᠡᠨ ᠤ ᠤᠳᠬ ᠠ ᠵᠣᠬᠥᠶᠠᠯ ᠤᠨ ᠲᠡᠦᠬᠡᠨ ᠶᠠᠪᠤᠴᠠ ᠳ᠋ᠤ ᠡᠢᠮᠦ ᠦᠵᠡᠭᠳᠡᠯ ᠭᠠᠷᠬᠤ ᠪᠤᠶᠣ ᠡᠢᠮᠦ ᠨᠢᠭᠡᠨ ᠦᠶ ᠠ ᠵᠢ ᠦᠩᠭᠡᠷᠡᠭᠡᠬᠦ ᠨᠢ ᠵᠠᠢᠯᠠᠰᠢ ᠦᠭᠡᠢ᠃ ᠮᠣᠩᠭᠤᠯ ᠠᠷᠠᠳ ᠤᠨ ᠠᠮᠠᠨ ᠵᠣᠬᠢᠶᠠᠯ ᠳ᠋ᠤ᠂ ᠴᠢᠯᠠᠭᠰᠢᠯᠠᠪᠠᠯ ᠮᠣᠩᠭᠤᠯ ᠠᠷᠠᠳ ᠤᠨ ᠲᠠᠭᠤᠤ ᠳ᠋ᠤ ᠱᠠᠰᠢᠨ ᠰᠤᠷᠲᠠᠬᠤᠨ ᠤ ᠠᠭᠤᠯᠭ᠎ᠠ ᠵᠢ ᠲᠤᠰᠬᠠᠵᠤ᠂ ᠯᠠᠮᠠ ᠬᠤᠸᠠᠷᠠᠭ ᠤᠨ ᠠᠮᠢᠲᠤᠷᠠᠯ ᠢ ᠲᠦᠷᠰᠦᠯᠡᠨ ᠪᠢᠴᠢᠭᠰᠡᠨ ᠲᠠᠭᠤᠤ ᠪᠣᠯ ᠵᠦᠩᠳᠡᠭᠡᠨ ᠬᠠᠷᠠᠭᠳᠠᠨ᠎ᠠ᠃ ᠡᠳᠡᠭᠡᠷ ᠲᠠᠭᠤᠤ ᠨᠢ ᠱᠠᠰᠢᠨ ᠤ ᠰᠣᠳᠣᠯᠣᠯ ᠳ᠋ᠤ ᠨᠢᠭᠡ ᠵᠦᠢᠯ ᠤᠨ ᠠᠰᠢᠭᠲᠠᠢ ᠮᠠᠲ᠋ᠸᠷᠢᠶᠠᠯ ᠪᠣᠯᠬᠤ ᠶᠢᠨ ᠬᠠᠮᠲᠤ ᠲᠣᠬᠠᠢ ᠶᠢᠨ ᠦᠶ ᠠ ᠳ᠋ᠤ ᠡᠯ ᠠ ᠣᠷᠤᠨ ᠤ ᠮᠣᠩᠭᠤᠯᠴᠤᠳ ᠤᠨ ᠪᠡᠷᠬᠠᠨ ᠱᠠᠰᠢᠨ ᠯᠠᠮ ᠠᠬᠤᠸᠠᠷᠠᠭ ᠲᠦ ᠬᠡᠷᠬᠢᠨ ᠬᠠᠨᠳᠤᠵᠤ ᠪᠠᠢᠭᠰᠠᠨ ᠤᠪᠤᠷ ᠰᠤᠷᠲᠠᠯ᠂ ᠦᠵᠡᠯ ᠤᠬᠠᠮᠰᠠᠷ ᠤᠨ ᠪᠠᠢᠳᠠᠯ ᠢ ᠤᠢᠯᠠᠭᠠᠵᠤ ᠮᠡᠳᠡᠬᠦ ᠳ᠋ᠤ ᠴᠦ ᠴᠢᠬᠤᠯᠠ ᠠᠴᠢ ᠬᠤᠯᠪᠤᠭᠳᠠᠯ ᠲᠠᠢ᠃ |