摘要 |
ᠤᠯᠠᠭᠠᠨ ᠢᠢᠡᠷ ᠬᠦᠭᠡ ᠵᠢ ᠵᠦᠢᠷᠯᠡᠨ ᠤᠬᠠᠬᠤᠢ ᠵᠢ ᠬᠦᠷᠲᠡᠬᠦᠢ ᠪᠣᠯᠭᠠᠨ ᠲᠦᠷᠰᠦᠯᠢᠭᠵᠢᠬᠦᠯᠳᠡᠭ᠌ ᠵᠦᠢᠷᠯᠡᠯ ᠤᠨ ᠣᠷᠤᠨ ᠨᠢ ᠦᠨᠢ ᠤᠳᠠᠭᠠᠨ ᠦᠶ ᠠ ᠶᠢᠨ ᠲᠡᠦᠬᠳᠦ ᠪᠦᠲᠦᠭᠡᠭᠳᠡᠬᠦᠨ᠂ ᠦᠢ ᠤᠯᠠᠨ ᠦᠨᠳᠦᠰᠦᠲᠡᠨ ᠤ ᠬᠠᠮᠵᠢᠯᠠᠭᠰᠠᠨ ᠠᠷᠭ᠎ᠠ ᠪᠠᠢᠭᠰᠠᠨ ᠤ ᠬᠤᠪᠢ ᠳ᠋ᠤ ᠡᠩ ᠦᠭᠡᠢ ᠲᠡᠨᠢᠭᠡᠷ ᠬᠦᠭᠵᠢᠯ ᠤᠨ ᠲᠦᠯᠦᠪ᠂ ᠰᠠᠨ ᠦᠭᠡᠢ ᠪᠠᠶᠠᠨ ᠠᠭᠤᠷᠬᠠᠢ ᠶᠢᠨ ᠪᠣᠯᠭᠳᠠᠴᠠ ᠲᠠᠢ ᠪᠠᠢᠵᠤ᠂ ᠮᠠᠨ ᠤ ᠨᠢᠭᠲᠠᠯᠠᠨ ᠰᠣᠳᠤᠯᠵᠤ᠂ ᠠᠷᠢᠰᠵᠢᠭᠤᠯᠤᠨ ᠰᠢᠨᠵᠢᠯᠡᠬᠦ ᠵᠢ ᠬᠦᠯᠢᠶᠡᠵᠦ ᠪᠠᠢᠭ᠎ᠠ ᠶᠣᠮ᠃ ᠰ• ᠰᠣᠶᠤᠯᠲᠦ ᠶᠢᠨ ᠨᠠᠢᠷᠠᠭᠤᠯᠤᠨ ᠬᠡᠪᠯᠡᠭᠦᠯᠦᠭᠰᠡᠨ 《ᠮᠣᠩᠭᠤᠯ ᠵᠦᠢᠷᠯᠡᠯ ᠤᠨ ᠲᠤᠯᠢ》 ᠳ᠋ᠤ ᠲᠤᠯᠤᠭᠠᠨ ᠮᠢᠩᠭ᠎ᠠ ᠢᠯᠡᠬᠦᠦ ᠵᠤᠷᠪᠤᠰ ᠵᠦᠢᠷᠯᠡᠬᠦᠨ ᠢᠡᠷ ᠲᠤᠯᠤᠭᠠᠨ ᠵᠠᠭᠤ ᠨᠠᠶᠠᠨ ᠲᠦᠷᠪᠡᠨ ᠵᠦᠢᠯ ᠤᠨ ᠵᠦᠢᠷᠯᠡᠭᠳᠡᠬᠦᠨ ᠢ ᠵᠦᠢᠷᠯᠡᠵᠦ᠂ ᠲᠡᠭᠰᠢᠳᠭᠡᠪᠡᠯ ᠨᠢᠭᠡ ᠵᠦᠢᠷᠯᠡᠭᠳᠡᠬᠦᠨ ᠢ ᠠᠷᠪᠠᠭᠠᠳ ᠵᠦᠢᠷᠯᠡᠬᠦᠨ ᠢᠢᠡᠷ ᠵᠦᠢᠷᠯᠡᠵᠦ ᠪᠠᠢᠭ᠎ᠠ ᠪᠠ ᠬᠢᠳᠠᠳ ᠬᠡᠯᠡᠨ ᠤ 《ᠨᠠᠢᠷᠠᠭᠤᠯᠭ᠎ᠠ ᠵᠦᠢ ᠶᠢᠨ ᠲᠤᠯᠢ》 ᠳ᠋ᠤ ᠵᠦᠢᠷᠯᠡᠯ ᠤᠨ ᠤᠷᠤᠨ ᠢ ᠲᠤᠳᠤᠷ ᠠ ᠨᠢ ᠠᠷᠪᠠ ᠶᠢᠰᠦᠨ ᠵᠢᠵᠢᠭ ᠲᠦᠷᠦᠯ ᠬᠤᠪᠢᠶᠠᠵᠤ ᠪᠠᠢᠭ᠎ᠠ ᠨᠢ ᠡᠨᠡ ᠪᠦᠬᠦᠨ ᠤ ᠤᠴᠢᠷ ᠲᠠᠢ ᠬᠡᠷᠡᠴᠢ ᠶᠣᠮ᠃ |