摘要 |
ᠦᠭᠦᠯᠡᠯ ᠳᠦ ᠮᠣᠩᠭᠤᠯ ᠦᠨᠳᠦᠰᠦᠲᠡᠨ ᠦ ᠪᠢᠴᠢᠭ᠌ ᠦᠨ ᠤᠷᠠᠨ ᠵᠤᠬᠢᠶᠠᠯ ᠨᠢ ᠡᠭᠦᠰᠴᠦ ᠪᠤᠢ ᠪᠤᠯᠤᠭᠰᠠᠨ ᠴᠠᠭ ᠠᠴᠠ ᠪᠠᠨ ᠠᠪᠤᠭᠠᠳ ᠠᠬᠤᠢ᠌ᠢᠴᠢ ᠦᠵᠡᠯ ᠲᠠᠢ ᠰᠠᠯᠤᠰᠢ ᠦᠭᠡᠢ ᠬᠤᠪᠢ ᠪᠠᠷᠢᠯᠳᠤᠯᠭ᠎ᠠ ᠲᠠᠢ ᠶᠠᠪᠤᠭᠰᠠᠭᠠᠷ ᠢᠷᠡᠵᠡᠢ᠃ ᠬᠡᠳᠦᠢ᠌ᠪᠡᠷ ᠮᠣᠩ᠋ᠭᠤᠯᠴᠤᠳ ᠤᠨ ᠡᠷᠲᠡᠨ ᠦ ᠤᠷᠠᠨ ᠵᠤᠬᠢᠶᠠᠯ ᠤᠨ ᠲᠡᠦᠬᠡᠨ ᠳᠡᠭᠡᠷ᠎ᠡ ᠠᠬᠤᠢ᠌ᠴᠢ ᠦᠵᠡᠯ ᠦᠨ ᠦᠵᠡᠯ ᠤᠷᠤᠰᠬᠠᠯ ᠪᠤᠯᠵᠤ ᠦᠩᠭᠡᠷᠡᠯ᠎ᠡ ᠭᠡᠳᠡᠭ ᠲᠡᠮᠳᠡᠭᠯᠡᠯ ᠣᠳᠣ ᠪᠤᠯᠲᠠᠯ᠎ᠠ ᠬᠠᠷᠠᠬᠠᠨ ᠢᠯᠡᠷᠡᠭᠡ ᠦᠭᠡᠢ ᠪᠤᠯᠪᠠᠴᠤ ᠠᠬᠤᠢ᠌ᠴᠢ ᠦᠵᠡᠯ ᠦᠨ ᠠᠷᠭ᠎ᠠ ᠪᠠᠷᠢᠯ ᠲᠤᠩ ᠡᠷᠲᠡᠨ ᠡᠴᠡ ᠲᠦᠭᠡᠮᠡᠯ ᠬᠡᠷᠡᠭᠯᠡᠭᠳᠡᠵᠦ ᠪᠠᠢ᠌ᠯ᠎ᠠ ᠭᠡᠳᠡᠭ ᠢ ᠡᠷᠳᠡᠮᠲᠡᠳ ᠨᠤᠲᠠᠯᠠᠵᠠᠢ᠃ ᠪᠦᠬᠦᠢ᠌ᠯᠡ ᠬᠤᠷᠢᠳᠤᠭᠠᠷ ᠵᠠᠭᠤᠨ ᠤ ᠦᠪᠦᠷ ᠮᠣᠩ᠋ᠭᠤᠯ ᠤᠨ ᠤᠷᠠᠨ ᠵᠤᠬᠢᠶᠠᠯ ᠳᠤᠲᠤᠷ᠎ᠠ ᠠᠬᠤᠢ᠌ᠴᠢ ᠦᠵᠡᠯ ᠨᠢ ᠠᠮᠢᠵᠢᠷᠠᠯ ᠤᠨ ᠬᠦᠴᠦᠨ ᠪᠠᠳᠠᠷᠠᠩ᠋ᠭᠤᠢ ᠪᠠᠷ ᠦᠷᠨᠢᠵᠦ ᠲᠦᠯᠵᠢᠨ᠂ ᠲᠠᠰᠤᠷᠠᠯ ᠦᠭᠡᠢ ᠬᠤᠪᠢᠰᠤᠯᠲᠠ ᠳᠤᠮᠳᠠ ᠪᠠᠶᠠᠵᠢᠨ ᠬᠦᠭᠵᠢᠭᠰᠡᠭᠡᠷ ᠭᠡᠵᠦ ᠦᠵᠡᠪᠡ᠃ |