摘要 |
ᠭᠠᠵᠠᠷ ᠤᠨ ᠨᠡᠷ᠎ᠡ ᠪᠤᠯ ᠪᠠᠷᠤᠭ ᠬᠦᠮᠦᠨ ᠪᠤᠯᠭᠠᠨ ᠡᠳᠦᠷ ᠳᠤᠲᠤᠮ ᠨᠢᠭᠤᠷ ᠤᠴᠢᠷᠠᠨ ᠲᠤᠯᠭᠠᠷᠠᠵᠤ ᠪᠠᠢᠭ᠎ᠠ ᠡᠯᠪᠡᠭ ᠵᠤᠢᠯ ᠶᠤᠮ᠃ ᠰᠤᠨᠢᠨ ᠰᠡᠳᠭᠦᠯ ᠤᠩᠰᠢᠬᠤ ᠳᠤ ᠲᠤᠯᠭᠠᠷᠠᠨ᠎ᠠ᠂ ᠷᠠᠳᠢᠤ᠋ ᠰᠤᠨᠤᠰᠬᠤ ᠳᠤ ᠲᠤᠯᠭᠠᠷᠠᠨ᠎ᠠ᠂ ᠠᠯᠪᠠᠨ ᠪᠢᠴᠢᠭ ᠪᠢᠴᠢᠵᠦ᠂ ᠤᠩᠰᠢᠬᠤ ᠳᠤ ᠲᠤᠯᠭᠠᠷᠠᠨ᠎ᠠ᠂ ᠵᠠᠬᠢᠳᠠᠯ ᠪᠢᠴᠢᠬᠦ ᠳᠦ ᠲᠤᠯᠭᠠᠷᠠᠨ᠎ᠠ᠂ ᠳ᠋᠋ᠢᠶᠠᠨᠬᠤᠸᠠ ᠪᠠᠷ ᠶᠠᠷᠢᠬᠤ ᠳᠤ ᠲᠤᠯᠭᠠᠷᠠᠨ᠎ᠠ᠂ ᠦᠯᠢᠭᠡᠷ ᠳᠤᠮᠤᠭ ᠶᠠᠷᠢᠬᠤ ᠳᠤ ᠲᠤᠯᠭᠠᠷᠠᠨ᠎ᠠ᠂ ᠡᠳᠦᠷ ᠳᠤᠲᠤᠮ ᠤᠨ ᠡᠩ ᠦᠨ ᠶᠠᠷᠢᠶᠠᠨ ᠳᠤ ᠴᠤ ᠲᠤᠯᠭᠠᠷᠠᠨ᠎ᠠ᠃ ᠰᠤᠨᠢᠨ ᠮᠡᠳᠡᠭᠡ᠂ ᠬᠡᠪᠯᠡᠯ᠂ ᠷᠠᠳᠢᠤ᠋ ᠨᠡᠪᠲᠡᠷᠡᠭᠦᠯᠭᠡ᠂ ᠰᠢᠤᠳᠠᠨ ᠪᠠ ᠵᠠᠮ ᠬᠠᠷᠢᠯᠴᠠᠭᠠᠨ ᠤ ᠪᠠᠢᠭᠤᠯᠤᠯᠭ᠎ᠠ ᠨᠤᠭᠤᠳ ᠭᠠᠵᠠᠷ ᠤᠨ ᠨᠡᠷ᠎ᠡ ᠶᠢ ᠬᠡᠷᠡᠭᠯᠡᠬᠦ ᠪᠡᠷ ᠪᠠᠷᠠᠬᠤ ᠦᠭᠡᠢ᠂ ᠴᠡᠷᠢᠭ᠂ ᠰᠤᠷᠭᠠᠭᠤᠯᠢ᠂ ᠠᠵᠤ ᠠᠬᠤᠢ ᠶᠢᠨ ᠭᠠᠵᠠᠷ ᠴᠤ ᠭᠠᠵᠠᠷ ᠤᠨ ᠨᠡᠷ᠎ᠡ ᠶᠢ ᠬᠡᠷᠡᠭᠯᠡᠨ᠎ᠡ᠃ |