摘要 |
ᠵᠤᠬᠢᠶᠠᠭᠴᠢ ᠳᠤᠰ ᠦᠭᠦᠯᠡᠯ ᠳᠡᠬᠡᠨ ᠲᠤᠳᠤ ᠦᠰᠦᠭ ᠤᠨ ᠡᠷᠳᠡᠨ ᠦ ᠦᠶ ᠠ ᠶᠢᠨ ᠨᠤᠮ ᠰᠤᠳᠤᠷ᠂ ᠪᠢᠴᠢᠭ᠌ ᠮᠠᠲ᠋ᠸᠷᠢᠶᠠᠯ ᠤᠳ ᠪᠤᠯᠤᠨ ᠤᠳᠤ ᠦᠶ ᠠ ᠶᠢᠨ ᠨᠤᠮ ᠬᠡᠪᠯᠡᠯ᠂ ᠪᠢᠴᠢᠭ᠌ ᠮᠠᠲ᠋ᠸᠷᠢᠶᠠᠯ ᠤᠳ ᠢ ᠬᠠᠷᠢᠴᠠᠭᠤᠯᠤᠨ ᠦᠵᠡᠭᠰᠡᠨ ᠦ ᠰᠠᠭᠤᠷᠢᠨ ᠳᠡᠭᠡᠷ ᠡ ᠳᠤᠲᠤ ᠦᠰᠦᠭ ᠤᠨ ᠬᠤᠪᠢᠷᠠᠯ ᠬᠦᠭ᠍ᠵᠢᠯ ᠤᠨ ᠳᠡᠦᠬᠡ ᠶᠢᠨ ᠴᠠᠭ ᠦᠶ ᠠ ᠶᠢ ᠭᠤᠷᠪᠠᠨ ᠬᠡᠰᠡᠭ ᠪᠤᠯᠭᠠᠨ ᠦᠭᠦᠯᠡᠭᠰᠡᠨ ᠦ ᠬᠠᠮᠳᠤᠳᠠ᠂ ᠳᠤᠲᠤ ᠦᠰᠦᠭ ᠤᠨ ᠴᠠᠭᠠᠨ ᠲᠤᠯᠤᠭᠠᠢ ᠳᠤ᠂ ᠦᠰᠦᠭ ᠤᠨ ᠬᠡᠯᠪᠡᠷᠢ ᠲᠦᠷᠰᠦᠨ ᠳᠤ ᠂ ᠨᠡᠷ ᠡ ᠲᠤᠮᠢᠶᠠᠨ ᠳᠤ ᠭᠠᠷᠤᠭᠰᠠᠨ ᠳᠦᠬᠡᠨ ᠬᠤᠪᠢᠷᠠᠯᠳᠠ ᠶᠢ ᠴᠤ ᠲᠦᠭᠦᠮ ᠲᠤᠷᠠᠳᠴᠤ᠂ ᠲᠤᠳᠤ ᠦᠰᠦᠭ ᠪᠤᠯ ᠦᠰᠦᠭ ᠤᠳ ᠤᠨ ᠳᠡᠮᠳᠡᠭ ᠤᠳ ᠢ ᠲᠤᠳᠤᠷᠬᠠᠢ ᠪᠤᠯᠭᠠᠭᠰᠠᠨ ᠲᠠᠯ ᠠ ᠪᠡᠷ᠂ ᠶᠠᠷᠢᠶᠠᠨ ᠦ ᠬᠡᠯᠡ ᠲᠠᠢ ᠤᠢ᠌ᠷᠠᠳᠤᠭᠰᠠᠨ ᠲᠠᠯ ᠠ ᠪᠠᠷ᠂ ᠦᠰᠦᠭ ᠪᠢᠴᠢᠭ᠌ ᠤᠨ ᠰᠢᠰᠲ᠋ᠸᠮ ᠤᠨ ᠲᠠᠯ ᠠ ᠪᠠᠷ ᠠᠪᠴᠤ ᠦᠵᠡᠭᠰᠡᠨ ᠴᠤ ᠦᠪᠡᠷ ᠤᠨ ᠲᠤᠪᠤᠢ᠌ᠭᠰᠠᠨ ᠤᠨᠴᠠᠯᠢᠭ ᠪᠦᠬᠦᠢ ᠦᠰᠦᠭ ᠪᠢᠴᠢᠭ᠌ ᠮᠦᠨ ᠬᠡᠭᠦ ᠦᠵᠡᠯᠳᠡ ᠶᠢ ᠳᠡᠪᠰᠢᠭᠦᠯᠪᠡ᠃ |