摘要 |
ᠳᠡᠭᠡᠲᠦ ᠵᠡᠷᠭᠡ ᠶᠢᠨ ᠰᠤᠷᠭᠠᠨ ᠬᠦᠮᠦᠵᠢᠯ ᠤᠨ ᠦᠪᠡᠰᠦᠪᠡᠨ ᠰᠤᠷᠬᠤ ᠦᠨᠳᠦᠰᠦᠨ ᠠᠩᠭᠢ ᠶᠢᠨ ᠰᠤᠷᠤᠭᠴᠢᠳ ᠤᠨ ᠳᠡᠭᠦᠰᠬᠦ ᠥᠭᠥᠯᠡᠯ ᠪᠤᠯ ᠰᠣᠷᠣᠯᠭ᠎ᠠ ᠳᠡᠭᠦᠰᠬᠦ ᠡᠴᠤᠰ ᠤᠨ ᠪᠤᠭᠤᠮᠲᠠ ᠪᠤᠶᠤ ᠪᠡᠶ ᠡ ᠳᠠᠭᠠᠭᠠᠵᠤ ᠬᠦᠢᠴᠡᠳᠬᠡᠭᠦ ᠳᠠᠰᠬᠠᠯ ᠮᠦᠨ ᠃ ᠵᠤᠷᠢᠯᠭ᠎ᠠ ᠨᠢ ᠰᠣᠷᠣᠭᠴᠢᠳ ᠤᠨ ᠰᠣᠷᠣᠭᠰᠠᠨ ᠮᠡᠳᠡᠯᠭᠡ ᠪᠡᠨ ᠠᠰᠢᠭᠯᠠᠨ ᠠᠰᠠᠭᠤᠳᠠᠯ ᠢ ᠵᠠᠳᠠᠯᠵᠤ᠂ ᠠᠰᠠᠭᠤᠳᠠᠯ ᠢ ᠰᠢ᠌ᠳᠪᠦᠷᠢᠯᠡᠬᠦ ᠴᠢᠳᠠᠪᠤᠷᠢ ᠶᠢ ᠪᠠᠢ᠌ᠴᠠᠭᠠᠬᠤ ᠶᠡᠷᠦᠩᠬᠡᠢ᠌ᠯᠡᠭᠰᠡᠨ ᠴᠢᠨᠠᠷ ᠲᠠᠢ ᠰᠢᠯᠭᠠᠯᠲᠠ ᠪᠤᠯᠬᠤ ᠳᠤ ᠤᠷᠤᠰᠢᠨ᠎ᠠ᠃ᠳᠤᠰ ᠥᠭᠥᠯᠡᠯ ᠳᠤ ᠦᠪᠡᠰᠦᠪᠡᠨ ᠰᠣᠷᠬᠣ ᠦᠨᠳᠦᠰᠦᠨ ᠠᠩᠭᠢ ᠶᠢᠨ ᠰᠣᠷᠣᠭᠴᠢᠳ ᠤᠨ ᠳᠡᠭᠦᠰᠬᠦ ᠥᠭᠥᠯᠡᠯ ᠪᠢᠴᠢᠬᠦ ᠶᠠᠪᠤᠴᠠ ᠶᠢ ᠰᠡᠳᠦᠪ ᠰᠤᠩᠭ᠋ᠤᠬᠤ ᠪᠠ ᠳᠤᠭᠤᠷᠪᠢᠬᠤ ᠬᠤᠶᠠᠷ ᠠᠰᠠᠭᠤᠳᠠᠯ ᠶᠢᠨᠷ ᠰᠢᠨᠵᠢᠡᠯᠡᠨ ᠂ ᠳᠡᠭᠦᠰᠬᠦ ᠥᠭᠥᠯᠡᠯ ᠳᠤᠭᠤᠷᠪᠢᠯ ᠤᠨ ᠠᠷᠭ᠎ᠠ ᠶᠢ ᠳᠤᠳᠤᠷᠬᠠᠢ᠌ᠯᠠᠨ ᠥᠭᠥᠯᠡᠬᠦ ᠶᠢ ᠵᠤᠷᠢᠪᠠ᠃ |