题名 |
ᠮᠣᠩᠭᠤᠯ ᠪᠠᠭᠠᠲᠤᠷ ᠤᠨ ᠲᠤᠤᠯᠢ ᠳᠤ ᠬᠢ ᠰᠤᠢᠲᠤ ᠤᠷᠤᠭ ᠬᠢᠭᠡᠳ ᠡᠭᠡᠮᠦᠭ ᠰᠦᠢᠬᠡ ᠶᠢᠨ ᠬᠠᠷᠢᠴᠠᠭ᠎ᠠ ᠰᠤᠳᠤᠯᠤᠯ |
作者 |
ᠭᠤᠸᠠᠨ ᠵᠢᠨ ᠬᠤᠸᠠ |
关键词 |
ᠰᠤᠢᠲᠤ ᠬᠡᠦᠬᠡᠨ; ᠡᠭᠡᠮᠦᠭ ᠰᠦᠢᠬᠡ; ᠤᠷᠤᠭ ᠰᠦᠢ |
摘要 |
ᠦᠭᠦᠯᠡᠯ ᠳᠦ ᠮᠣᠩᠭᠤᠯ ᠪᠠᠭᠠᠲᠤᠷ ᠤᠨ ᠲᠤᠤᠯᠢ ᠳᠤ ᠬᠢ ᠲᠤᠤᠯᠢ ᠶᠢᠨ ᠪᠠᠭᠠᠲᠤᠷ ᠤᠳ ᠠᠯᠤᠰ ᠠᠶᠠᠨ ᠳᠤ ᠮᠤᠷᠳᠠᠵᠤ ᠰᠤᠢᠲᠤ ᠬᠡᠦᠬᠡᠨ ᠡᠷᠢᠬᠦ ᠶᠠᠪᠤᠳᠠᠯ ᠠᠴᠠ ᠰᠡᠷᠡᠭᠳᠡᠵᠦ᠂ ᠡᠭᠡᠮᠦᠭ ᠰᠦᠢᠬᠡ᠂ ᠰᠤᠢᠲᠤ ᠬᠡᠦᠬᠡᠨ ᠪᠡ ᠤᠷᠤᠭ ᠬᠤᠷᠢᠮ ᠤᠨ ᠬᠤᠭᠤᠷᠤᠨᠳᠤᠬᠢ ᠬᠠᠷᠢᠴᠠᠭ᠎ᠠ ᠶᠢ ᠲᠤᠳᠤᠷᠬᠠᠢᠯᠠᠨ ᠲᠤᠭᠠᠴᠢᠬᠤ ᠪᠠᠷ ᠳᠠᠮᠵᠢᠭᠤᠯᠵᠤ᠂ ᠰᠤᠢᠲᠤ ᠬᠡᠦᠬᠡᠨ ᠪᠤᠯ ᠰᠦᠢ ᠪᠡᠯᠡᠭ ᠲᠤᠰᠢᠶᠠᠭᠰᠠᠨ ᠪᠤᠶᠤ ᠡᠰᠡᠭᠦᠯ᠎ᠡ ᠨᠢᠭᠡᠨᠲᠡ ᠬᠡᠯᠬᠢᠵᠦ ᠬᠤᠯᠪᠤᠨ ᠤᠷᠤᠭ ᠲᠤᠭᠲᠠᠭᠰᠠᠨ ᠤᠴᠢᠷ᠂ ᠡᠭᠡᠮᠦᠭ ᠵᠡᠭᠦᠵᠦ ᠪᠤᠯᠬᠤ ᠮᠦᠷᠲᠡᠭᠡᠨ ᠰᠦᠢᠬᠡ ᠤᠨᠵᠢᠯᠠᠭᠤᠯᠵᠤ ᠪᠤᠯᠬᠤ ᠤᠴᠢᠷ᠂ ᠰᠦᠢ ᠲᠤᠭᠲᠠᠭᠰᠠᠨ ᠰᠤᠢᠲᠤ ᠬᠡᠦᠬᠡᠨ ᠢ ᠶᠠᠮᠠᠷ ᠴᠤ ᠦᠭᠡᠷ᠎ᠡ ᠪᠤᠰᠤᠳ ᠬᠦᠮᠦᠨ ᠳᠦ ᠬᠡᠯᠡᠯᠴᠡᠬᠦ ᠪᠤᠶᠤ ᠤᠷᠤᠭᠯᠠᠵᠤ ᠪᠤᠯᠬᠤ ᠦᠭᠡᠢ᠃ ᠲᠡᠷᠡ ᠨᠢ ᠪᠠᠯᠠᠷ ᠡᠷᠲᠡᠨ ᠦ ᠬᠦᠮᠦᠰ ᠦᠨ ᠣᠪᠤᠭ ᠤᠨ ᠭᠠᠳᠠᠨ᠎ᠠ ᠤᠷᠤᠭᠯᠠᠬᠤ ᠪᠤᠯᠤᠭᠰᠠᠨ ᠦᠶ᠎ᠡ ᠶᠢᠨ ᠪᠦᠲᠦᠭᠡᠭᠳᠡᠭᠦᠨ ᠪᠤᠯᠬᠤ ᠪᠦᠭᠡᠳ ᠣᠯᠠᠩᠭᠢ ᠤᠯᠤᠰ ᠦᠨᠳᠦᠰᠦᠲᠡᠨ ᠳᠦ ᠪᠦᠷ ᠣᠷᠤᠰᠢᠵᠤ ᠪᠠᠢᠳᠠᠭ ᠤᠷᠤᠭ ᠬᠤᠷᠢᠮ ᠤᠨ ᠵᠠᠩᠰᠢᠯ ᠪᠤᠯᠤᠨ᠎ᠠ ᠭᠡᠳᠡᠭ ᠦᠵᠡᠯᠲᠡ ᠶᠢ ᠭᠠᠷᠭᠠᠪᠠ᠃ |
原文 |
没有原文
|
出自 |
西北民族大学学报
2015年
第1期
|