题名 |
ᠠᠩᠬᠠᠳᠠᠭᠴᠢ ᠴᠨᠠᠷᠲᠠᠢ ᠰᠠᠷ᠎ᠠ ᠶᠢᠨ ᠭᠭᠢᠷ ᠦᠨ ᠡᠪᠡᠷᠰᠢᠶᠡᠯ ᠢ ᠮᠣᠩᠭᠤᠯ ᠠᠨᠠᠭᠠᠬᠤ ᠤᠬᠠᠭᠠᠨ ᠢᠶᠠᠷ ᠲᠠᠨᠢᠵᠤ ᠡᠮᠴᠢᠯᠡᠬᠦ ᠲᠤᠬᠠᠢ |
作者 |
ᠴᠦᠨ ᠯᠢᠶᠠᠨ; ᠡᠦ ᠹᠦ᠋ ᠯᠢᠨ |
关键词 |
ᠠᠩ᠋ᠬᠠᠳᠠᠭᠴᠢ ᠴᠢᠨᠠᠷᠲᠠᠢ ᠰᠠᠷ᠎ᠠ ᠶᠢᠨ ᠭᠭᠢᠷ ᠤᠨ ᠡᠪᠡᠷᠰᠢᠶᠡᠯ; ᠮᠣᠩᠭᠤᠯ ᠠᠨᠠᠭᠠᠬᠤ ᠤᠬᠠᠭᠠᠨ; ᠲᠠᠨᠢᠯᠲᠠ ᠡᠮᠴᠢᠯᠡᠭᠡ |
摘要 |
ᠠᠩ᠋ᠬᠠᠳᠠᠭᠴᠢ ᠴᠢᠨᠠᠷᠲᠠᠢ ᠰᠠᠷ᠎ᠠ ᠶᠢᠨ ᠭᠭᠢᠷ ᠤᠨ ᠡᠪᠡᠷᠰᠢᠶᠡᠯ ᠭᠡᠳᠡᠭ ᠪᠤᠯ ᠤᠷᠤᠭᠯᠠᠭᠠᠳᠤᠢ ᠡᠮᠡᠭᠲᠡᠢ ᠪᠡ ᠵᠢᠷᠮᠦᠰᠦᠨ ᠪᠤᠰᠤ ᠡᠮᠡᠭᠲᠡᠢ ᠳᠦ ᠣᠯᠠᠨ ᠲᠤᠬᠢᠶᠠᠯᠳᠤᠳᠠᠭ ᠪᠦᠭᠡᠳ ᠦᠷᠡᠵᠢᠯ ᠦᠨ ᠡᠷᠬᠡᠲᠡᠨ ᠳᠦ ᠨᠢ ᠢᠯᠡᠷᠬᠡᠢ ᠡᠪᠡᠳᠴᠢᠨ ᠦ ᠬᠤᠪᠢᠷᠠᠯᠲᠠ ᠦᠭᠡᠢ ᠪᠡᠷ ᠰᠠᠷ᠎ᠠ ᠶᠢᠨ ᠭᠭᠢᠷ ᠢᠷᠡᠬᠦ ᠡᠴᠡ ᠡᠮᠦᠨ᠎ᠡ ᠬᠤᠢ᠌ᠨ᠎ᠠ ᠪᠤᠶᠤ ᠡᠰᠡᠭᠦᠯ᠎ᠡ ᠶᠠᠭ ᠢᠷᠡᠵᠦ ᠪᠠᠢ᠌ᠭ᠎ᠠ ᠬᠤᠭᠤᠴᠠᠭᠠᠨ ᠳᠤ ᠬᠡᠪᠡᠯᠢ ᠶᠢᠨ ᠳᠤᠤᠷᠠᠲᠤ ᠬᠡᠰᠡᠭ ᠡᠴᠡ ᠠᠷᠤᠨᠰᠢ ᠲᠡᠰᠭᠦᠶᠡ ᠪᠡᠷᠬᠡ ᠰᠠᠴᠤᠷᠠᠨ ᠡᠪᠡᠳᠬᠦ ᠶᠢᠨ ᠬᠠᠮᠲᠤ ᠵᠠᠷᠢᠮ ᠳᠤ ᠪᠠᠨ ᠳᠤᠷ᠎ᠠ ᠪᠤᠯᠭᠢᠬᠤ᠂ ᠪᠦᠭᠡᠯᠵᠢᠬᠦ᠂ ᠰᠠᠭᠤᠯᠭᠠᠬᠤ᠂ ᠳᠤᠯᠤᠭᠠᠢ ᠡᠷᠭᠢᠬᠦ᠂ ᠲᠠᠮᠢᠷᠳᠠᠬᠤ ᠵᠡᠷᠭᠡ ᠰᠢᠨᠵᠢ ᠳᠠᠭᠠᠯᠳᠤᠨ ᠢᠯᠡᠷᠡᠵᠦ᠂ ᠡᠪᠡᠷᠰᠢᠶᠡᠯ ᠨᠢ ᠰᠦᠷᠡᠬᠡᠢ ᠦᠶ᠎ᠡ ᠳᠦ ᠨᠢᠭᠤᠷ ᠴᠢᠷᠠᠢ ᠨᠢ ᠴᠠᠢ᠌ᠷᠠᠬᠤ᠂ ᠬᠦᠯ ᠭᠠᠷ ᠨᠢ ᠬᠦᠷᠦᠬᠦ᠂ ᠬᠦᠢᠲᠡᠨ ᠬᠦᠯᠦᠰᠦ ᠭᠠᠷᠬᠤ ᠪᠤᠶᠤ ᠴᠠᠭᠠᠰᠢᠯᠠᠪᠠᠯ ᠮᠠᠨᠠᠷᠠᠳᠠᠭ ᠲᠤᠯᠠ ᠵᠠᠯᠠᠭᠤ ᠡᠮᠡᠭᠲᠡᠢ᠌ᠴᠦᠳ ᠦᠨ ᠪᠡᠶ᠎ᠡ ᠰᠡᠳᠬᠢᠯ᠂ ᠠᠵᠢᠯ ᠰᠤᠷᠤᠯᠭ᠎ᠠ ᠶᠢ ᠬᠦᠨᠳᠦ ᠨᠤᠴᠢᠲᠠᠢ ᠨᠦᠯᠦᠭᠡᠯᠡᠳᠡᠭ ᠪᠦᠭᠡᠳ ᠵᠠᠰᠠᠯ ᠠᠪᠬᠤ ᠪᠠᠷ ᠠᠨᠠᠢ᠂ ᠲᠠᠬᠢᠯᠲᠠ ᠶᠢᠨ ᠨᠤᠷᠮ᠎ᠠ ᠨᠢ ᠦᠨᠳᠦᠷ ᠡᠪᠡᠳᠴᠢᠨ ᠪᠤᠯᠤᠨ᠎ᠠ᠃ ᠡᠢ᠌ᠮᠦ ᠡᠴᠡ᠂ ᠲᠤᠰ ᠡᠪᠡᠳᠴᠢᠨ ᠢ ᠮᠣᠩ᠋ᠭᠤᠯ ᠠᠨᠠᠭᠠᠬᠤ ᠤᠬᠠᠭᠠᠨ ᠢᠶᠠᠷ ᠵᠦᠪ ᠲᠠᠨᠢᠵᠤ ᠡᠮᠴᠢᠯᠡᠬᠦ ᠨᠢ ᠲᠤᠰ ᠡᠪᠡᠳᠴᠢᠨ ᠦ ᠡᠮᠴᠢᠯᠡᠭᠡᠨ ᠦ ᠠᠴᠢ ᠲᠤᠰᠠ ᠶᠢ ᠳᠡᠭᠡᠭ᠍ᠰᠢᠯᠡᠭᠦᠯᠵᠦ᠂ ᠲᠤᠰ ᠡᠪᠡᠳᠴᠢᠨ ᠢ ᠡᠮᠨᠡᠨ ᠵᠠᠰᠠᠬᠤ ᠲᠤᠬᠢᠷᠠᠮᠵᠢᠲᠠᠢ ᠡᠮᠴᠢᠯᠡᠭᠡᠨ ᠦ ᠠᠷᠭ᠎ᠠ ᠪᠠᠷᠢᠯ ᠢ ᠬᠠᠢ᠌ᠨ ᠰᠦᠪᠡᠭ᠍ᠴᠢᠯᠡᠬᠦ ᠳᠦ ᠮᠠᠰᠢ ᠠᠴᠢ ᠬᠤᠯᠪᠤᠭᠳᠠᠯ ᠲᠠᠢ ᠪᠠᠢ᠌ᠳᠠᠭ᠃ |
原文 |
查看原文
|
出自 |
内蒙古民族大学学报(自然科学)
2011年
第2期
|