题名 |
ᠬᠤᠭᠤᠷ ᠤᠨ ᠦᠯᠢᠭᠡᠷ ᠤᠨ ᠰᠢᠨ᠎ᠡ ᠬᠦᠭ᠍ᠵᠢᠯᠳᠡ ᠬᠡᠭᠦ ᠤᠤ ᠪᠠᠭᠤᠷᠠᠯ ᠤᠨ ᠢᠯᠡᠷᠡᠯ ᠬᠡᠭᠦ ᠤᠤ —《ᠯᠢ ᠶᠠᠨ ᠷᠦᠩ ᠤᠷᠤᠭ ᠲᠤᠭᠳᠠᠭᠰᠠᠨ ᠨᠢ》ᠬᠡᠳᠡᠭ ᠬᠤᠭᠤᠷ ᠤᠨ ᠦᠯᠢᠭᠡᠷ ᠡᠴᠡ ᠰᠡᠳᠦᠪᠯᠡᠬᠦ ᠨᠢ |
作者 |
ᠴᠤᠭᠲᠤ |
关键词 |
ᠬᠤᠭᠤᠷᠴᠢ ; ᠬᠤᠭᠤᠷ ᠤᠨ ᠦᠯᠢᠭᠡᠷ; ᠵᠦᠴᠦᠭᠡ; 《ᠯᠢ ᠶᠠᠨ ᠷᠦᠩ ᠤᠷᠤᠭ ᠲᠤᠭᠳᠠᠭᠰᠠᠨ ᠨᠢ》 |
摘要 |
《ᠯᠢ ᠶᠠᠨ ᠷᠦᠩ ᠤᠷᠤᠭ ᠲᠤᠭᠳᠠᠭᠰᠠᠨ ᠨᠢ》ᠬᠡᠳᠡᠭ ᠬᠤᠭᠤᠷ ᠤᠨ ᠦᠯᠢᠭᠡᠷ ᠢ 2006ᠤᠨ ᠳᠤ ᠲᠦᠩᠯᠢᠶᠦᠦ ᠬᠤᠲᠠ ᠶᠢᠨ ᠵᠠᠷᠤᠳ ᠬᠤᠰᠢᠭᠤᠨ ᠳᠤ ᠪᠤᠯᠤᠭᠰᠠᠨ 《ᠮᠤᠤᠦ᠌ᠬᠢᠨ ᠬᠤᠨᠳᠤᠭᠠᠲᠤ》ᠪᠦᠬᠦ ᠤᠯᠤᠰ ᠤᠨ ᠦᠯᠢᠭᠡᠷ ᠬᠤᠯᠪᠤᠭ᠎ᠠ ᠶᠢᠨ ᠤᠷᠤᠯᠳᠠᠭᠠᠨ ᠳᠤ ᠬᠢᠷᠢᠨ ᠮᠤᠵᠢ ᠶᠢᠨ ᠡᠮᠦᠨᠡᠳᠦ ᠭᠤᠷᠯᠤᠰ ᠡᠴᠡ ᠬᠦᠷᠦᠯᠴᠡᠨ ᠢᠷᠡᠵᠦ ᠤᠷᠤᠯᠳᠤᠭᠠᠨ ᠳᠤ ᠤᠷᠤᠯᠴᠠᠭᠰᠠᠨ ᠭᠠᠷᠤᠳᠢ᠂ ᠴᠤᠭᠵᠤ᠂ ᠴᠤᠯᠮᠤᠨ᠂ ᠰᠡᠷᠡᠨᠭᠡᠷᠡᠯ ᠨᠠᠷ ᠬᠠᠮᠳᠤ ᠪᠡᠷ ᠬᠡᠯᠡᠭᠰᠡᠨ ᠶᠤᠮ᠃ᠳᠤᠰ ᠦᠯᠢᠭᠡᠷ ᠨᠢ ᠬᠤᠭᠤᠷ ᠤᠨ ᠦᠯᠢᠭᠡᠷ ᠤᠨ ᠤᠨᠴᠠᠯᠢᠭ ᠰᠢᠨᠵᠢ ᠪᠦᠷᠢᠨ ᠪᠠᠢ᠌ᠬᠤ ᠮᠦᠷᠳᠡᠭᠡᠨ ᠵᠦᠴᠦᠭᠡ ᠶᠢᠨ ᠤᠨᠴᠠᠯᠢᠭ ᠰᠢᠨᠵᠢ ᠴᠤ ᠢᠯᠠ ᠲᠤᠳᠤᠷᠬᠠᠢ᠃ ᠬᠡᠳᠡᠯ ᠡ ᠳᠤᠰ ᠦᠯᠢᠭᠡᠷ ᠪᠤᠯ ᠵᠦᠴᠦᠭᠡ ᠪᠢᠰᠢ᠂ ᠬᠠᠷᠢᠨ ᠤᠯᠠᠨ ᠬᠦᠮᠦᠨ ᠦ ᠬᠡᠯᠡᠭᠰᠡᠨ ᠬᠤᠭᠤᠷ ᠤᠨ ᠦᠯᠢᠭᠡᠷ ᠪᠤᠯᠤᠨ᠎ᠠ᠃ ᠭᠠᠷᠤᠳᠢ ᠨᠢ ᠳᠤᠰ ᠦᠯᠢᠭᠡᠷ ᠶᠢᠨᠨ ᠬᠤᠭᠤᠷ ᠤᠨ ᠦᠯᠢᠭᠡᠷ ᠪᠠᠭᠤᠷᠠᠯ ᠤᠨ ᠱᠠᠳᠤᠨ ᠳᠤ ᠤᠷᠤᠵᠤ᠂ ᠳᠡᠭᠦᠨ ᠦ ᠬᠡᠯᠡᠭᠳᠡᠬᠦ ᠬᠦᠷᠢᠶ ᠠ ᠬᠡᠪᠴᠢᠶ ᠠ ᠢᠪᠴᠤᠷᠠᠵᠤ᠂ ᠬᠤᠭᠤᠷᠴᠢ ᠴᠦᠬᠡᠬᠡᠷᠡᠨ᠂ ᠰᠤᠨᠤᠰᠤᠭᠴᠢ ᠶᠢᠨ ᠡᠩᠨᠡᠭᠡ ᠳᠤ ᠬᠢᠮᠦᠷᠡᠯ ᠭᠠᠷᠴᠤ ᠪᠠᠢ᠌ᠭ᠎ᠠ ᠵᠠᠩᠬᠢᠯᠠᠭ᠎ᠠ ᠶᠢᠨ ᠦᠶ ᠡ ᠳᠤ ᠂ ᠬᠤᠭᠤᠷ ᠤᠨ ᠦᠯᠢᠭᠡᠷ ᠶᠢᠨᠨ ᠠᠪᠤᠷᠠᠨ ᠠᠪᠬᠤ ᠵᠤᠷᠢᠯᠭ᠎ᠠ ᠡᠴᠡ ᠡᠭᠦᠰᠦᠨ ᠵᠤᠬᠢᠶᠠᠨ ᠬᠡᠯᠡᠭᠰᠡᠨ ᠶᠤᠮ᠃ ᠤᠳᠤᠬᠠᠨ ᠳᠤ ᠪᠢᠳᠡ ᠪᠦᠭᠦᠨ ᠦ ᠡᠮᠦᠨ᠎ᠡ ᠦᠨᠳᠦᠰᠦᠳᠡᠨ ᠦ ᠮᠢᠨᠢ ᠰᠤᠶᠤᠯ ᠤᠷᠠᠯᠢᠭ ᠤᠨ ᠤᠳᠤ ᠰᠤᠳᠤ ᠶᠢᠨ ᠨᠢᠭᠡ ᠪᠤᠯᠤᠭᠰᠠᠨ ᠬᠤᠭᠤᠷ ᠤᠨ ᠦᠯᠢᠭᠡᠷ ᠶᠢᠨᠨ ᠬᠡᠷᠬᠢᠨ ᠠᠪᠤᠷᠠᠨ ᠠᠪᠬᠤ ᠬᠦᠨᠳᠦ ᠡᠭᠦᠷᠭᠡ ᠲᠤᠯᠭᠠᠷᠠᠵᠤ ᠪᠠᠢ᠌ᠨ᠎ᠠ᠃ |
原文 |
查看原文
|
出自 |
中国蒙古学
2008年
第5期
|