摘要 |
ᠪᠠᠷᠢᠮᠵᠢᠶ᠎ᠠ ᠠᠪᠢᠶ᠎ᠠ ᠪᠤᠯᠤᠭᠰᠠᠨ ᠴᠠᠬᠠᠷ ᠠᠮᠠᠨ ᠠᠶᠠᠯᠭᠤ ᠨᠢ ᠬᠡᠳᠦᠢ᠌ᠪᠡᠷ ᠪᠢᠴᠢᠭ᠌ ᠦᠨ ᠬᠡᠯᠡᠨ ᠳᠦ ᠣᠢ᠌ᠷ᠎ᠠ᠂ ᠨᠡᠢ᠌ᠲᠡᠯᠢᠭ ᠰᠢᠨᠵᠢ ᠶᠡᠬᠡᠲᠡᠢ ᠪᠤᠯᠪᠠᠴᠤ ᠪᠢᠴᠢᠭ᠌ ᠦᠨ ᠬᠡᠯᠡ ᠬᠢᠭᠡᠳ ᠪᠤᠰᠤᠳ ᠠᠶᠠᠯᠭᠤ᠂ ᠠᠮᠠᠨ ᠠᠶᠠᠯᠭᠤ ᠨᠤᠭᠤᠳ ᠠᠴᠠ ᠣᠨᠴᠠᠯᠠᠭᠳᠠᠨ ᠢᠯᠭᠠᠷᠠᠬᠤ ᠦᠪᠡᠷᠮᠢᠴᠡ ᠪᠦᠷᠢᠯᠳᠦᠭᠦᠨ ᠢ ᠵᠤᠬᠢᠬᠤ ᠬᠡᠮᠵᠢᠶ᠎ᠡ ᠪᠡᠷ ᠬᠠᠳᠠᠭᠠᠯᠠᠭᠰᠠᠭᠠᠷ ᠪᠤᠢ᠃ ᠦᠭᠡᠰ ᠦᠨ ᠰᠠᠩ ᠤᠨ ᠲᠠᠯ᠎ᠠ ᠠᠴᠠ ᠠᠪᠴᠤ ᠦᠵᠡᠬᠦ ᠳᠦ ᠂ ᠵᠦᠪᠬᠡᠨ ᠴᠠᠬᠠᠷ ᠠᠮᠠᠨ ᠠᠶᠠᠯᠭᠤᠨ ᠳᠤ ᠬᠡᠷᠡᠭᠯᠡᠭᠳᠡᠳᠡᠭ ᠨᠤᠲᠤᠭ ᠤᠨ ᠦᠭᠡᠰ᠂ ᠬᠠᠷᠢ ᠵᠢᠭᠡᠯᠡᠪᠦᠷᠢ ᠦᠭᠡᠰ ᠨᠡᠯᠢᠶᠡᠳ ᠪᠠᠢ᠌ᠬᠤ ᠪᠠᠷ ᠪᠠᠷᠠᠬᠤ ᠦᠭᠡᠢ᠂ ᠤᠳᠬ᠎ᠠ᠂ ᠪᠦᠲᠦᠴᠡ᠂ ᠬᠡᠯᠪᠡᠷᠢ ᠶᠢᠨ ᠬᠤᠪᠢ ᠳᠤ ᠦᠪᠡᠷ ᠦᠨ ᠭᠡᠰᠡᠨ ᠦᠪᠡᠷᠮᠢᠴᠡ ᠣᠨᠴᠠᠯᠢᠭ ᠪᠦᠬᠦᠢ ᠦᠭᠡᠰ ᠴᠦ ᠡᠳᠦᠢ ᠲᠡᠳᠦᠢ ᠪᠠᠢ᠌ᠭ᠎ᠠ ᠶᠤᠮ᠃ ᠲᠤᠰ ᠦᠭᠦᠯᠡᠯ ᠳᠦ ᠂ ᠴᠠᠬᠠᠷ ᠠᠮᠠᠨ ᠠᠶᠠᠯᠭᠤᠨ ᠤ ᠦᠭᠡᠰ ᠦᠨ ᠰᠠᠩ ᠠᠴᠠ ᠲᠡᠳᠡᠭᠡᠷ ᠦᠪᠡᠷᠮᠢᠴᠡ ᠣᠨᠴᠠᠯᠢᠭ ᠲᠠᠢ ᠦᠭᠡᠰ ᠢ ᠲᠡᠭᠦᠵᠦ ᠲᠠᠨᠢᠯᠴᠠᠭᠤᠯᠤᠭᠰᠠᠨ ᠪᠠᠢ᠌ᠨ᠎ᠠ᠃ |