题名 |
ᠠᠯᠠᠱᠠ ᠮᠤᠩᠭ᠋ᠤᠯᠴᠤᠳ ᠤᠨ ᠶᠠᠪᠠᠭᠠᠨ ᠦᠯᠢᠭᠡᠷ ᠲᠡᠬᠢ ᠪᠠᠢ᠌ᠢᠩᠭ᠋ᠤ ᠶᠠᠷᠢᠭᠳᠠᠳᠠᠭ ᠦᠯᠢᠭᠡᠷ ᠤᠨ ᠬᠡᠪ ᠰᠢᠨᠵᠢ ᠶᠢ ᠬᠤᠷᠢᠶᠠᠩᠭ᠋ᠤᠢ᠌ᠯᠠᠬᠤ ᠨᠢ |
作者 |
ᠢᠦᠢ ᠬᠤᠸᠠ |
关键词 |
ᠠᠯᠠᠱᠠ ᠮᠤᠩᠭ᠋ᠤᠯ ᠠᠷᠠᠳ ᠤᠨ ᠶᠠᠪᠠᠭᠠᠨ ᠦᠯᠢᠭᠡᠷ; ᠪᠠᠢ᠌ᠢᠩᠭ᠋ᠤ ᠶᠠᠷᠢᠭᠳᠠᠳᠠᠭ ᠦᠯᠢᠭᠡᠷ ᠤᠨ ᠬᠡᠪ ᠰᠢᠨᠵᠢ; AT ᠶᠢᠨ ᠠᠩᠭᠢᠯᠠᠯ |
摘要 |
AT ᠶᠢᠨ ᠠᠩᠭᠢᠯᠠᠯ ᠤᠨ ᠰᠢᠰᠲ᠋ᠸᠮ ᠶᠢᠡᠷ ᠶᠠᠮᠠᠷ ᠨᠢᠭᠡᠨ ᠤᠯᠤᠰ ᠦᠨᠳᠦᠰᠦᠳᠡᠨ ᠤ ᠶᠠᠪᠠᠭᠠᠨ ᠦᠯᠢᠭᠡᠷ ᠢ ᠬᠡᠪ ᠰᠢᠨᠵᠢ᠋ ᠳᠤ ᠬᠤᠪᠢᠶᠠᠷᠢᠯᠠᠵᠤ᠂ ᠬᠡᠪ ᠰᠢᠨᠵᠢ ᠶᠢᠨ ᠲᠤᠪᠶᠤᠭ ᠵᠤᠬᠢᠶᠠᠬᠤ ᠨᠢ ᠲᠤᠬᠠᠢ ᠶᠢᠨ ᠤᠯᠤᠰ ᠦᠨᠳᠦᠰᠦᠳᠡᠨ ᠤ ᠶᠠᠪᠠᠭᠠᠨ ᠦᠯᠢᠭᠡᠷ ᠢ ᠲᠡᠯᠡᠬᠡᠢ ᠨᠡᠢ᠌ᠳᠠ ᠶᠢᠨ ᠬᠡᠪᠴᠢᠶᠡᠨ ᠳᠤ ᠬᠠᠷᠢᠴᠠᠭᠤᠯᠤᠨ ᠰᠤᠳᠤᠯᠬᠤ ᠦᠷᠭᠡᠨ ᠶᠡᠬᠡ ᠤᠷᠤᠨ ᠵᠠᠢ ᠶᠢ ᠪᠤᠢ ᠪᠤᠯᠭᠠᠵᠤ ᠦᠭᠳᠡᠭ᠃ ᠦᠭᠦᠯᠡᠯ ᠳᠤ ᠡᠨᠡᠬᠦ ᠵᠠᠷᠴᠢᠮ ᠶᠢᠡᠷ ᠦᠨᠳᠦᠰᠦᠯᠡᠯ ᠪᠤᠯᠭᠠᠵᠤ᠂ ᠠᠯᠠᠱᠠ ᠮᠤᠩᠭ᠋ᠤᠯ ᠠᠷᠠᠳ ᠤᠨ ᠶᠠᠪᠠᠭᠠᠨ ᠦᠯᠢᠭᠡᠷ ᠢ ᠬᠡᠪ ᠰᠢᠨᠵᠢ ᠳᠤ ᠬᠤᠪᠢᠶᠠᠷᠢᠯᠠᠨ᠂ ᠠᠯᠠᠱᠠ ᠮᠤᠩᠭ᠋ᠤᠯ ᠠᠷᠠᠳ ᠤᠨ ᠶᠠᠪᠠᠭᠠᠨ ᠦᠯᠢᠭᠡᠷ ᠲᠡᠬᠢ ᠪᠠᠢ᠌ᠩᠭ᠋ᠤ ᠶᠠᠷᠢᠭᠳᠠᠬᠤ ᠦᠯᠢᠭᠡᠷ ᠤᠨ ᠬᠡᠪ ᠰᠢᠨᠵᠢ ᠨᠤᠭᠦᠳ ᠢ ᠲᠤᠳᠤᠷᠠᠭᠤᠯᠤᠨ ᠭᠠᠷᠭᠠᠭᠰᠠᠨ ᠨᠢ ᠠᠯᠠᠱᠠ ᠮᠤᠩᠭ᠋ᠤᠯ ᠠᠷᠠᠳ ᠤᠨ ᠶᠠᠪᠠᠭᠠᠨ ᠦᠯᠢᠭᠡᠷ ᠢ ᠪᠤᠰᠤᠳ ᠤᠯᠤᠰ ᠦᠨᠳᠦᠰᠦᠳᠡᠨ ᠤ ᠠᠳᠠᠯᠢ ᠬᠡᠪ ᠰᠢᠨᠵᠢ ᠶᠢᠨ ᠦᠯᠢᠭᠡᠷ ᠲᠠᠢ ᠬᠠᠷᠢᠴᠠᠭᠤᠯᠤᠨ ᠰᠤᠳᠤᠯᠬᠤ ᠳᠤ ᠲᠦᠭᠦᠮ ᠦᠵᠡᠭᠦᠯᠬᠦ ᠪᠡᠷ ᠪᠠᠷᠠᠬᠤ ᠦᠭᠡᠢ ᠤᠯᠠᠮ ᠴᠢᠨᠠᠭᠰᠢᠳᠠ ᠬᠤᠵᠢᠮ ᠤᠨ ᠬᠦᠮᠦᠰ ᠤᠨ ᠲᠤᠳᠤᠷᠬᠠᠢ ᠨᠢᠭᠡᠨ ᠬᠡᠪ ᠰᠢᠨᠵᠢ ᠶᠢᠨ ᠦᠯᠢᠭᠡᠷ ᠪᠤᠶᠤ ᠦᠯᠢᠭᠡᠷ ᠤᠨ ᠰᠦᠷᠦᠭᠯᠡᠯ ᠤᠨ ᠰᠤᠳᠤᠯᠭᠠᠨ ᠳᠤ ᠴᠢᠬᠤᠯᠠ ᠪᠦᠬᠦᠢ ᠮᠠᠲ᠋ᠸᠷᠢᠶᠠᠯ ᠤᠨ ᠰᠤᠷᠠᠭ ᠵᠠᠩᠭᠢ ᠶᠢ ᠬᠠᠩᠭ᠋ᠠᠵᠤ ᠦᠭ᠍ᠬᠦ ᠪᠤᠯᠤᠨ᠎ᠠ᠃ |
原文 |
查看原文
|
出自 |
内蒙古社会科学(蒙文版)
2013年
第2期
|