论文信息


题名 ᠴᠢᠩᠭᠢᠰ ᠬᠠᠭᠠᠨ ᠤ ᠬᠠᠷ᠎ᠠ ᠰᠦᠯᠳᠡ ᠶᠢᠨ ᠯᠤᠤ ᠵᠢᠯ ᠦᠨ ᠳᠦᠷᠪᠡᠨ ᠡᠯᠴᠢ ᠰᠦᠯᠳᠡ ᠶᠢ ᠵᠠᠯᠠᠬᠤ ᠳᠠᠢᠯᠭ᠎ᠠ ᠠᠴᠠ ᠶᠡᠬᠡ ᠪᠠᠭ᠎ᠠ ᠳᠠᠷᠬᠠᠳ ᠤᠨ ᠶᠠᠮᠤ ᠶᠢᠨ ᠨᠡᠷ᠎ᠡ ᠶᠢ ᠰᠢᠨᠵᠢᠯᠡᠬᠦ ᠨᠢ — ᠪᠦᠷᠢᠨᠲᠦ ᠵᠠᠰᠠᠭᠴᠢ ᠶᠢᠨ ᠳᠤᠯᠤᠳᠤᠭᠠᠷ ᠣᠨ ᠠᠴᠠ ᠳᠤᠮᠳᠠᠳᠤ ᠢᠷᠭᠡᠨ ᠤᠯᠤᠰ ᠤᠨ ᠬᠤᠷᠢ ᠶᠢᠰᠦᠳᠦᠭᠡᠷ ᠣᠨ ᠤ ᠬᠤᠭᠤᠷᠤᠨᠳᠤᠬᠢ ᠳᠠᠩᠰᠠ ᠠᠷᠬᠢᠪ ᠲᠤ ᠰᠠᠭᠤᠷᠢᠯᠠᠨ᠎ᠠ
作者 ᠰᠡᠴᠡᠨᠪᠢᠯᠢᠭ
关键词 ᠴᠢᠩᠭᠢᠰ ᠬᠠᠭᠠᠨ; ᠬᠠᠷ᠎ᠠ ᠰᠦᠯᠳᠡ; ᠶᠡᠬᠡ ᠲᠠᠷᠬᠠᠳ; ᠪᠠᠭ᠎ᠠ ᠲᠠᠷᠬᠠᠳ; ᠶᠠᠮᠤ ᠶᠢᠨ ᠨᠡᠷ᠎ᠡ
摘要 ᠴᠢᠩᠭᠢᠰ ᠬᠠᠭᠠᠨ ᠤ ᠬᠠᠷᠠᠭ᠎ᠠ ᠶᠡᠬᠡᠲᠦ ᠬᠠᠷ᠎ᠠ ᠰᠦᠯᠳᠡ ᠶᠢ ᠪᠠᠰᠠ ᠳᠦᠷᠪᠡᠨ ᠬᠦᠯᠲᠦ ᠬᠠᠷ᠎ᠠ ᠰᠦᠯᠳᠡ ᠭᠡᠳᠡᠭ᠃ ᠲᠠᠷᠬᠠᠳ ᠬᠠᠷᠠᠭ᠎ᠠ ᠶᠡᠬᠡᠲᠦ ᠬᠠᠷ᠎ᠠ ᠰᠦᠯᠳᠡ ᠶᠢ ᠮᠦᠩᠬᠡ ᠲᠡᠭᠷᠢ ᠶᠢᠨ ᠡᠯᠴᠢ ᠪᠤᠶᠤ ᠮᠦᠩᠬᠡ ᠲᠡᠭᠷᠢ ᠶᠢᠨ ᠰᠦᠯᠳᠡ ᠰᠦᠨᠡᠰᠦ᠂ ᠴᠢᠩᠭᠢᠰ ᠬᠠᠭᠠᠨ ᠤ ᠭᠡᠭᠡᠨ ᠰᠦᠨᠡᠰᠦ ᠪᠤᠯᠤᠨ ᠨᠡᠢᠲᠡ ᠮᠣᠩᠭᠤᠯᠴᠤᠳ ᠤᠨ ᠰᠦᠯᠳᠡ ᠰᠦᠨᠡᠰᠦ ᠭᠤᠷᠪᠠ ᠪᠤᠯ ᠭᠤᠷᠮᠤᠰᠤᠯᠠᠨ ᠣᠷᠤᠰᠢᠬᠤ ᠣᠷᠤᠨ ᠭᠡᠵᠦ ᠦᠵᠡᠳᠡᠭ᠃ ᠴᠢᠩᠭᠢᠰ ᠬᠠᠭᠠᠨ ᠤ ᠬᠠᠷ᠎ᠠ ᠰᠦᠯᠳᠡ ᠶᠢᠨ ᠳᠦᠷᠪᠡᠨ ᠡᠯᠴᠢ ᠰᠦᠯᠳᠡ ᠶᠢ ᠯᠤᠤ ᠵᠢᠯ ᠲᠤᠬᠢᠶᠠᠯᠳᠤᠬᠤ ᠪᠦᠷᠢ ᠳᠦ ᠶᠡᠬᠡ ᠵᠤᠤ ᠶᠢᠨ ᠴᠢᠭᠤᠯᠭᠠᠨ ᠤ 7 ᠬᠤᠰᠢᠭᠤ ᠳᠤ ᠵᠠᠯᠠᠵᠤ ᠳᠠᠢᠯᠭ᠎ᠠ ᠬᠢᠳᠡᠭ ᠪᠠᠢᠵᠠᠢ᠃ ᠦᠭᠦᠯᠡᠯ ᠳᠦ᠂ ᠴᠢᠩ ᠤᠯᠤᠰ ᠤᠨ ᠪᠦᠷᠢᠨᠲᠦ ᠵᠠᠰᠠᠭᠴᠢ ᠶᠢᠨ ᠳᠤᠯᠤᠳᠤᠭᠠᠷ ᠣᠨ ᠠᠴᠠ ᠳᠤᠮᠳᠠᠳᠤ ᠢᠷᠭᠡᠨ ᠤᠯᠤᠰ ᠤᠨ ᠬᠤᠷᠢ ᠶᠢᠰᠦᠳᠦᠭᠡᠷ ᠣᠨ ᠤ ᠬᠤᠭᠤᠷᠤᠨᠳᠤ ᠶᠠᠪᠤᠭᠳᠠᠭᠰᠠᠨ 7 ᠤᠳᠠᠭ᠎ᠠ ᠶᠢᠨ ᠬᠠᠷ᠎ᠠ ᠰᠦᠯᠳᠡ ᠶᠢᠨ ᠯᠤᠤ ᠵᠢᠯ ᠦᠨ ᠡᠯᠴᠢ ᠰᠦᠯᠳᠡ ᠶᠢ ᠶᠡᠬᠡ ᠵᠤᠤ ᠶᠢᠨ ᠴᠢᠭᠤᠯᠭᠠᠨ ᠤ 7 ᠬᠤᠰᠢᠭᠤ ᠳᠤ ᠬᠤᠪᠢᠶᠠᠨ ᠵᠠᠯᠠᠬᠤ ᠳᠤ ᠮᠤᠷᠳᠠᠭᠰᠠᠨ ᠶᠡᠬᠡ ᠪᠠᠭ᠎ᠠ ᠲᠠᠷᠬᠠᠳ ᠤᠨ ᠶᠠᠮᠤ ᠶᠢᠨ ᠨᠡᠷ᠎ᠡ ᠳᠦ ᠪᠦᠷᠢᠳᠭᠡᠯ ᠬᠢᠵᠦ᠂ ᠬᠠᠷᠢᠴᠠᠭᠤᠯᠤᠨ ᠰᠢᠨᠵᠢᠯᠡᠵᠦ᠂ ᠲᠤᠬᠠᠢ ᠶᠢᠨ ᠦᠶ᠎ᠡ ᠶᠢᠨ ᠳᠠᠢᠯᠭ᠎ᠠ ᠭᠦᠢᠴᠡᠳᠭᠡᠭᠴᠢ ᠶᠡᠬᠡ ᠪᠠᠭ᠎ᠠ ᠳᠠᠷᠬᠠᠳ ᠶᠠᠮᠤ ᠶᠢᠨ ᠨᠡᠷ᠎ᠡ ᠶᠢ ᠲᠤᠳᠤᠯᠠᠬᠤ ᠪᠠᠷ ᠴᠢᠷᠮᠠᠢᠵᠠᠢ᠃
原文 查看原文
出自 中国蒙古学 2015年 第3期

联系我们


内蒙古大学图书馆
呼和浩特市大学西路235号
中国·内蒙古
P: (0471) 4992561
E: huangfeilong@imu.edu.cn