摘要 |
ᠣᠳᠤᠬᠠᠨ ᠤ ᠨᠣᠮ ᠪᠢᠴᠢᠭ᠌ ᠨᠢ ᠬᠡᠯᠪᠡᠷᠢ ᠶᠢᠨ ᠭᠤᠶᠣᠮᠰᠤᠭ ᠢ ᠬᠦᠭᠡᠭᠡᠴᠡᠯᠳᠦᠵᠦ ᠳᠡᠳᠦ ᠵᠣᠵᠠᠭᠠᠨ᠂ ᠬᠦᠨᠳᠦ ᠬᠠᠲᠠᠭᠤᠯᠢᠭ ᠪᠣᠯᠤᠭᠰᠠᠨ ᠡᠴᠡ ᠣᠩᠰᠢᠯᠭ᠋ ᠠ ᠳᠤ ᠵᠡᠬᠢᠬᠤ ᠬᠡᠮᠵᠢᠶᠠᠨ ᠤ ᠬᠦᠴᠢᠷᠳᠡᠯ ᠢ ᠠᠪᠴᠢᠷᠠᠪᠠ᠃ ᠡᠢᠢᠮᠦᠷᠬᠦᠦ ᠦᠵᠡᠭᠳᠡᠯ ᠳᠤ ᠴᠢᠭᠯᠡᠬᠦᠯᠵᠦ ᠦᠭᠦᠯᠡᠯ ᠳᠤ ᠦᠬᠦᠯᠡᠭᠴᠢ ᠪᠡᠷ ᠣᠩᠰᠢᠭᠴᠢ ᠨᠢ ᠨᠣᠮ ᠤᠨ ᠬᠡᠯᠪᠡᠷᠢ ᠵᠢ ᠰᠤᠨᠢᠷᠬᠠᠬᠤ ᠶᠢᠨ ᠲᠦᠯᠦᠭᠡ ᠨᠣᠮ ᠠᠪᠴᠤ ᠪᠠᠢᠢᠬ᠋ ᠠ ᠪᠢᠰᠢ᠂ᠬᠠᠷᠢᠨ ᠲᠡᠭᠦᠨ ᠤ ᠠᠭᠤᠯᠭ᠋ ᠠ ᠵᠢ ᠡᠵᠡᠮᠰᠢᠬᠦ ᠶᠢᠨ ᠲᠦᠯᠦᠭᠡ ᠨᠣᠮ ᠠᠪᠴᠤ ᠪᠠᠢᠬ᠋ ᠠ ᠶᠣᠮ᠃ ᠡᠢᠢᠮᠦ ᠡᠴᠡ ᠨᠣᠮ ᠢ ᠭᠣᠶᠤᠮᠰᠤᠭ ᠬᠡᠪᠯᠡᠬᠦ ᠪᠡᠷ ᠬᠦᠴᠦ ᠵᠠᠷᠤᠴᠠᠭᠤᠯᠤᠭᠰᠠᠨ ᠳᠤ ᠣᠷᠤᠲᠠᠯ ᠠ ᠨᠣᠮ ᠤᠨ ᠬᠡᠯᠪᠡᠷᠢ ᠵᠢ ᠶᠡᠷᠦᠮᠳᠠᠭ᠌ ᠪᠣᠯᠭᠠᠬᠤ ᠪᠡᠷ ᠲᠠᠷᠢᠬᠢ ᠰᠢᠪᠬᠠᠪᠠᠯ ᠰᠠᠢᠢᠨ᠃ ᠨᠣᠮ ᠤᠨ ᠬᠡᠯᠪᠡᠷᠢ ᠨᠢ ᠬᠡᠳᠦᠢ ᠬᠦᠩᠭᠡᠬᠡᠨ᠂ ᠵᠦᠭᠡᠯᠡᠨ᠂ᠨᠢᠮᠭᠡᠨ᠂ ᠡᠨᠩ ᠤᠨ ᠪᠠᠢᠢᠪᠠᠯ ᠣᠩᠰᠢᠬᠤ ᠳᠤ ᠲᠡᠳᠦᠢ ᠲᠦᠭᠦᠮ ᠢ ᠠᠪᠴᠢᠷᠠᠨ᠌ ᠠ ᠭᠡᠬᠦ ᠦᠵᠡᠯᠲᠡ ᠪᠠᠨ ᠲᠤᠪᠰᠢᠭᠦᠯᠪᠡ᠃ |