摘要 |
ᠲᠤᠰ ᠦᠭᠦᠯᠡᠯ ᠳᠤ ᠪᠠᠭᠠᠷᠢᠨ ᠨᠤᠲᠤᠭ ᠲᠡᠬᠢ ᠬᠢᠳᠠᠨ ᠯᠢᠶᠣᠣ ᠤᠯᠤᠰ ᠤᠨ ᠦᠶ ᠡ ᠶᠢᠨ ᠪᠣᠷᠬᠠᠨ ᠱᠠᠰᠢᠨ ᠤ ᠠᠯᠳᠠᠷᠲᠤ ᠬᠡᠢᠢᠳ ᠬᠡᠮᠡᠭᠳᠡᠭᠰᠡᠨ᠂ᠦᠨᠡᠨᠴᠢ ᠲᠠᠭᠠᠯᠠᠭᠴᠢ ᠰᠦᠮ ᠡ》(真寂之寺)ᠪᠣᠶᠣ ᠮᠣᠩᠭ᠋ᠤᠯᠴᠤᠳ ᠤᠨ ᠬᠡᠯᠡᠳᠡᠭ《ᠬᠢᠯᠣᠪᠠᠷ ᠵᠣᠣ ᠶᠢᠨ ᠰᠦᠮ ᠡ 》ᠶᠢᠨ ᠡᠭᠦᠰᠦᠯ ᠭᠠᠷᠤᠯ ᠲᠠᠢ ᠬᠣᠯᠪᠤᠭᠳᠠᠭᠰᠠᠨ ᠰᠣᠨᠢᠨ ᠲᠣᠮᠤᠭ —《ᠠᠷᠤ ᠵᠣᠣ ᠪᠦᠲᠦᠭᠰᠡᠨ ᠲᠣᠮᠤᠭ 》ᠢᠠᠩᠬᠠᠯᠠᠨ ᠰᠢᠨᠵᠢᠯᠡᠬᠦ ᠪᠡᠷ ᠲᠠᠮᠵᠢᠭᠤᠯᠤᠨ ᠲᠣᠮᠤᠭ ᠲᠡᠬᠢ ᠱᠠᠭᠵᠠᠮᠤᠨᠢ ᠪᠣᠷᠬᠠᠨ ᠤ ᠪᠡᠶ ᠡ ᠶᠢᠨ ᠭᠡᠷᠡᠯ ᠪᠣᠯᠤᠨ ᠠᠮᠠᠨ ᠵᠠᠷᠯᠢᠭ ᠭᠡᠳᠡᠭ ᠪᠣᠯ ᠦᠨᠡᠨᠳᠡᠭᠡᠨ ᠪᠣᠷᠬᠠᠨ ᠱᠠᠰᠢᠨ ᠤ ᠪᠢᠯᠢᠭ᠌ ᠪᠠᠷᠮᠢᠳ ᠤᠨ ᠭᠦᠨ ᠤᠬᠠᠭᠠᠨ ᠤ ᠮᠣᠩᠭ᠋ᠤᠯ ᠲᠣᠮᠤᠭ ᠲᠡᠬᠢ ᠲᠦᠷᠰᠦᠯᠢᠭᠵᠢᠭᠦᠯᠦᠭᠰᠡᠨ ᠲᠤᠰᠬᠠᠯ ᠮᠦᠨ᠂ ᠬᠠᠷᠢᠨ ᠪᠣᠷᠬᠠᠨ ᠪᠠᠭᠰᠢ ᠶᠢᠨ ᠦᠶᠡᠯᠢᠳ ᠲᠡᠭᠦᠦ ᠯᠾᠢᠢᠪᠵᠢᠨ ᠬᠡᠮᠡᠭᠴᠢ ᠱᠠᠭᠵᠠᠮᠤᠨᠢ ᠪᠣᠷᠬᠠᠨ ᠲᠠᠢ ᠲᠠᠢᠢᠰᠤᠩᠨᠠᠨ ᠬᠠᠳᠠᠨ ᠠᠭᠤᠢ ᠵᠠᠰᠠᠵᠤ ᠬᠠᠷᠢᠶᠠᠯ ᠵᠦᠭᠡᠯ ᠬᠢᠭ᠍ᠰᠡᠨ ᠭᠡᠳᠡᠭ ᠪᠣᠯ ᠪᠦᠬᠡ ᠢᠲᠤᠭᠠᠨ ᠨᠠᠷ ᠠᠩᠬ ᠠ ᠤᠷᠠᠯᠠᠨ ᠵᠣᠬᠢᠶᠠᠵᠤ᠂ ᠪᠣᠷᠬᠠᠨ ᠱᠠᠰᠢᠨ ᠮᠣᠩᠭ᠋ᠤᠯ ᠣᠷᠤᠨ ᠳᠤ ᠲᠡᠯᠭᠡᠷᠡᠬᠦ ᠵᠢ ᠡᠰᠡᠷᠬᠦᠴᠡᠵᠤ ᠪᠠᠢᠢᠭᠰᠠᠨ ᠤ ᠬᠢᠨᠢ ᠲᠠᠮ ᠲᠤᠰᠬᠠᠯ ᠪᠣᠯᠤᠨ᠌ ᠠ᠃ᠯᠾᠢᠢᠪᠵᠢᠨ ᠸᠴᠢᠷ ᠲᠠᠮᠤ ᠳᠤ ᠤᠨᠠᠵᠤ᠂ ᠲᠡᠭᠦᠨ ᠤ ᠬᠠᠷᠢᠶᠠᠯ ᠬᠢᠬᠦ ᠪᠡᠷ ᠴᠠᠪᠴᠢᠵᠤ ᠪᠦᠲᠦᠭᠡᠭ᠍ᠰᠡᠨ ᠬᠠᠳᠠᠨ ᠠᠭᠤᠢ ᠳᠡᠬᠢ ᠪᠣᠷᠬᠠᠨ ᠤ ᠬᠦᠷᠦᠭ ᠲᠦᠷᠢ ᠨᠢ ᠰᠢᠲᠦᠭᠡᠨ ᠤ ᠣᠷᠤᠨ ᠳᠡᠬᠢ ᠲᠡᠭᠡᠳᠦ ᠰᠢᠲᠦᠭᠡᠨ ᠪᠣᠯᠤᠭᠰᠠᠨ ᠭᠡᠳᠡᠭ ᠨᠢ ᠮᠣᠩᠭ᠋ᠤᠯ ᠣᠷᠤᠨ ᠳᠡᠬᠢ ᠪᠣᠷᠬᠠᠨ ᠱᠠᠰᠢᠨ ᠤ ᠡᠴᠦᠰ ᠤᠨ ᠢᠯᠠᠯᠠᠲᠡ ᠵᠢ ᠪᠡᠯᠭᠡᠳᠡᠨ ᠳᠤᠰᠬᠠᠭᠰᠠᠨ ᠶᠣᠮ᠂ ᠪᠦᠬᠦᠢᠢᠯᠡ ᠲᠣᠮᠤᠭ ᠨᠢ ᠮᠣᠩᠭ᠋ᠤᠯ ᠣᠷᠤᠨ ᠤ ᠪᠣᠷᠬᠠᠨ ᠱᠠᠰᠢᠨ ᠤ ᠡᠭᠦᠰᠦᠯ ᠢ ᠡᠨᠡᠳᠭᠡᠭ᠌ ᠤᠨ ᠪᠣᠷᠬᠠᠨ ᠱᠠᠰᠢᠨ ᠲᠠᠢ ᠰᠢᠭᠤᠳ ᠬᠣᠯᠪᠤᠨ ᠲᠠᠢᠢᠯᠪᠤᠷᠢᠯᠠᠬᠤ ᠭᠡᠰᠡᠨ ᠶᠠᠪᠤᠳᠠᠯ ᠪᠣᠯᠤᠨ᠌ ᠠ ᠭᠡᠰᠡᠨ ᠦᠵᠡᠯᠲᠡ ᠵᠢ ᠲᠡᠪᠰᠢᠭᠦᠯᠵᠡᠢ᠃ |