摘要 |
ᠦᠭᠦᠯᠡᠯ ᠳᠤ ᠭᠤᠤᠯᠳᠠᠭᠤ ᠦᠪᠦᠷ ᠮᠤᠩᠭ᠋ᠤᠯ ᠤᠨ ᠲᠠᠩᠰᠠ ᠡᠪᠭᠡᠮᠡᠯ ᠤᠨ ᠰᠠᠩ ᠳᠤ ᠬᠠᠳᠠᠭᠠᠯᠠᠭᠳᠠᠵᠤ ᠪᠤᠢ ᠬᠦᠮᠦᠰ ᠤᠨ ᠠᠰᠢᠭᠯᠠᠵᠤ ᠰᠢᠨᠵᠢᠯᠡᠭᠡ ᠦᠭᠡᠢ ᠲᠠᠩᠰᠠ ᠪᠢᠴᠢᠭ᠌ ᠪᠠ ᠲᠤᠬᠠᠢ ᠶᠢᠨ ᠦᠶ᠎ᠡ ᠳᠤ ᠪᠢᠴᠢᠭ᠍ᠳᠡᠭᠰᠡᠨ ᠬᠢᠳᠠᠳ ᠰᠤᠷᠪᠤᠯᠵᠢᠰ ᠢ ᠠᠰᠢᠭᠯᠠᠵᠤ᠂ ᠠᠷᠤ ᠮᠤᠩᠭ᠋ᠤᠯ ᠤᠨ ᠴᠡᠷᠢᠭ ᠡᠨᠦᠨᠡᠰᠢ ᠴᠡᠷᠢᠭᠯᠡᠬᠦ ᠦᠶᠡᠰ ᠤᠨ ᠤᠯᠠᠭᠠᠨᠴᠠᠪ ᠤᠨ ᠴᠢᠭᠤᠯᠭᠠᠨ ᠤ ᠪᠠᠢ᠌ᠳᠠᠯ ᠲᠦᠯᠦᠪ᠂ ᠢᠯᠠᠩᠭ᠋ᠤᠶ᠎ᠠ ᠬᠠᠯᠬ᠎ᠠ ᠶᠢᠨ ᠪᠠᠷᠠᠭᠤᠨ ᠭᠠᠷᠤᠨ ᠬᠤᠰᠢᠭᠤᠨ ᠳᠤ ᠪᠤᠯᠤᠭᠰᠠᠨ ᠬᠢᠳᠠᠳ ᠴᠡᠷᠢᠭ ᠪᠤᠯᠤᠨ ᠠᠷᠤ ᠮᠤᠩᠭ᠋ᠤᠯ ᠤᠨ ᠴᠡᠷᠢᠭ ᠤᠨ ᠬᠤᠭᠤᠷᠤᠨᠳᠤᠬᠢ ᠬᠡᠳᠦᠨ ᠤᠳᠠᠭ᠎ᠠ ᠶᠢᠨ ᠲᠠᠢ᠌ᠨ ᠢ ᠨᠠᠷᠢᠪᠴᠢᠯᠠᠨ ᠰᠢᠨᠵᠢᠯᠡᠵᠦ᠂ ᠤᠤᠯ ᠬᠤᠰᠢᠭᠤᠨ ᠳᠤ ᠤᠴᠠᠷᠠᠭᠤᠯᠤᠭᠰᠠᠨ ᠲᠠᠢ᠌ᠨ ᠤ ᠬᠤᠬᠢᠷᠠᠯ ᠰᠦᠢᠳᠦᠯ ᠢ ᠲᠤᠳᠤᠷᠠᠭᠤᠯᠬᠤ ᠪᠡᠷ ᠵᠤᠷᠢᠵᠠᠢ᠃ |