摘要 |
ᠮᠣᠩᠭᠤᠯ ᠰᠣᠶᠣᠯ ᠳ᠋ᠡᠬᠢ ᠢᠳᠡᠭᠡᠨ ᠤᠮᠳᠠᠭᠠᠨ ᠤ ᠵᠠᠩ ᠵᠠᠩᠰᠢᠯ ᠪᠤᠯ ᠮᠣᠩᠭᠤᠯ ᠠᠮᠢᠳᠤᠷᠠᠯ ᠠᠬᠤᠢ ᠳ᠋ᠤ ᠵᠣᠬᠢᠴᠠᠨ ᠭᠦᠭᠵᠢᠭᠰᠡᠨ ᠮᠣᠩᠭᠤᠯ ᠰᠡᠳᠬᠢᠬᠦᠢ ᠠᠭᠤᠰᠤᠨ ᠰᠢᠩᠬᠡᠭᠰᠡᠨ ᠠᠯᠢ ᠤᠯᠠᠨ ᠶᠤᠰᠤ ᠵᠠᠨᠰᠢᠯ ᠢ ᠪᠦᠷᠢᠯᠳᠦᠭᠦᠯᠦᠨ ᠦᠶ᠎ᠠ ᠶᠢᠨ ᠦᠶ᠎ᠠ ᠤᠯᠠᠮᠵᠢᠯᠠᠭᠳᠠᠭᠰᠠᠨ ᠲᠡᠦᠬᠡ ᠲᠠᠢ ᠶᠣᠮ᠃ ᠮᠣᠩᠭᠤᠯᠴᠤᠳ ᠤᠨ 《 ᠬᠤᠪᠢ ᠢᠳᠡᠬᠦ》 ᠵᠠᠩᠰᠢᠯ ᠠᠮᠢᠲᠤᠷᠠᠨ ᠤᠷᠤᠰᠢᠬᠤ ᠶᠢᠨ ᠪᠤᠳᠠᠳᠤ ᠨᠦᠬᠦᠴᠡᠯ ᠪᠤᠯᠤᠮᠵᠢ ᠡᠴᠡ ᠰᠢᠯᠲᠠᠭᠠᠯᠠᠭᠳᠠᠭᠰᠠᠨ ᠡᠭᠦᠰᠦᠯ ᠲᠠᠢ ᠪᠤᠯᠪᠠᠴᠤ ᠨᠡᠢᠭᠡᠮ ᠲᠡᠦᠬᠡ ᠶᠢᠨ ᠬᠦᠭᠵᠢᠯ ᠳ᠋ᠤ ᠮᠣᠩᠭᠤᠯᠴᠤᠳ ᠤᠨ ᠦᠶ ᠠ ᠤᠯᠠᠷᠢᠨ ᠵᠠᠯᠭᠠᠮᠵᠢᠯᠠᠨ ᠵᠢᠷᠤᠮᠯᠠᠬᠤ ᠤᠳᠤᠮᠰᠢᠯᠲᠤ ᠰᠠᠢᠨ ᠰᠠᠢᠬᠠᠨ ᠵᠠᠩᠰᠢᠯ ᠪᠤᠯᠤᠨ ᠬᠡᠯᠪᠡᠷᠢᠵᠢᠨ ᠲᠤᠭᠲᠠᠪᠤᠷᠢᠵᠢᠵᠦ᠂ ᠮᠣᠩᠭᠤᠯᠴᠤᠳ ᠤᠨ ᠡᠪ ᠪᠦᠯᠬᠦᠮᠳᠡᠯ᠂ ᠨᠠᠢᠷᠰᠠᠭ ᠰᠠᠢᠬᠠᠨ ᠵᠠᠩ ᠠᠭᠠᠯᠢ ᠶᠢᠨ ᠲᠤᠰᠬᠠᠯ ᠪᠤᠯᠤᠨ ᠬᠡᠪᠰᠢᠭᠰᠡᠨ ᠪᠠᠢᠵᠤ᠂ ᠦᠨᠴᠦ ᠬᠤᠢᠴᠢ ᠦᠶ᠎ᠠ ᠶᠢᠨ ᠬᠢᠨ ᠢ ᠪᠦᠯᠬᠦᠮᠳᠠᠡ ᠢᠭᠲᠠᠷᠠᠭᠤᠯᠵᠤ᠂ ᠦᠪᠡᠷ ᠪᠤᠰᠤᠳ ᠲᠠᠢ ᠡᠶ ᠠ ᠨᠠᠷᠢᠰᠠᠭ ᠶᠠᠪᠤᠯᠴᠠᠬᠤ ᠨᠠᠨᠳᠢᠨ ᠮᠤᠷᠠᠯ ᠤᠨ ᠬᠦᠮᠦᠵᠢᠯ ᠪᠤᠯᠵᠤ ᠪᠠᠢᠭ᠎ᠠ ᠶᠣᠮ. |