摘要 |
ᠲᠤᠰ ᠦᠭᠦᠯᠡᠯ ᠳᠦ ᠂ 《ᠠᠷᠪᠠᠨ ᠪᠤᠶᠠᠨᠲᠤ ᠨᠤᠮ ᠤᠨ ᠴᠠᠭᠠᠨ ᠲᠡᠦᠬᠡ》᠋ ᠳᠠᠬᠢ 《ᠭᠦᠨ ᠤᠬᠠᠭᠠᠨ》《ᠭᠦᠨ ᠤᠬᠠᠭᠠᠨᠲᠠᠨ》ᠭᠡᠬᠦ ᠬᠤᠶᠠᠷ ᠤᠬᠠᠭᠳᠠᠬᠤᠨ ᠢ ᠨᠠᠷᠢᠨ ᠲᠤᠳᠤᠷᠬᠠᠢ ᠲᠠᠢ᠌ᠯᠪᠤᠷᠢᠯᠠᠵᠤ᠂ ᠲᠡᠭᠦᠨ ᠦ ᠳᠤᠲᠤᠷᠠᠬᠢ ᠭᠦᠨ ᠤᠬᠠᠭᠠᠨ ᠤ ᠤᠳᠬ᠎ᠠ ᠰᠠᠨᠠᠭ᠎ᠠ᠂ ᠰᠡᠳᠬᠢᠭᠦᠢ ᠠᠷᠭ᠎ᠠ᠂ ᠨᠡᠢ᠌ᠭᠡᠮ ᠦᠨ ᠴᠢᠳᠠᠮᠵᠢ ᠵᠡᠷᠭᠡ ᠶᠢ ᠦᠭᠦᠯᠡᠬᠦ ᠶᠢᠨ ᠬᠠᠮᠲᠤ ᠡᠷᠲᠡᠨ ᠡᠳᠦᠭᠡ ᠳᠤᠲᠤᠭᠠᠳᠤ ᠭᠠᠳᠠᠭᠠᠳᠤ ᠶᠢᠨ ᠭᠦᠨ ᠤᠬᠠᠭᠠᠨᠲᠠᠨ ᠤ ᠬᠢᠭ᠍ᠰᠡᠨ ᠭᠦᠨ ᠤᠬᠠᠭᠠᠨ ᠤ ᠲᠤᠮᠢᠶᠠᠯᠠᠯ ᠪᠠ ᠲᠠᠢ᠌ᠯᠪᠤᠷᠢ ᠲᠠᠢ ᠠᠳᠠᠯᠢᠳᠬᠠᠨ ᠬᠠᠷᠢᠴᠠᠭᠤᠯᠵᠤ᠂ ᠮᠣᠩ᠋ᠭᠤᠯ ᠤᠨ ᠭᠦᠨ ᠤᠬᠠᠭᠠᠨ ᠤ ᠲᠡᠦᠬᠡᠨ ᠳᠡᠬᠢ ᠪᠠᠢ᠌ᠷᠢ ᠪᠠ ᠦᠢᠯᠡᠳᠦᠯ ᠢ ᠲᠤᠳᠤᠷᠬᠠᠢ᠌ᠯᠠᠵᠤ᠂ ᠮᠣᠩ᠋ᠭᠤᠯ ᠦᠨᠳᠦᠰᠦᠲᠡᠨ ᠳᠦ ᠭᠦᠨ ᠤᠬᠠᠭᠠᠨ ᠪᠠᠢ᠌ᠬᠤ ᠶᠢ ᠮᠠᠷᠭᠤᠰᠢ ᠦᠭᠡᠢ ᠨᠤᠲᠠᠯᠠᠵᠠᠢ᠃ |