摘要 |
ᠳᠤᠰ ᠦᠭᠦᠯᠡᠯ ᠤᠨ ᠮᠣᠩᠭᠣᠯ ᠬᠡᠯᠡᠨ ᠦ ᠦᠬᠡ ᠪᠦᠳᠦᠭᠡᠬᠦ ᠳᠠᠭᠠᠪᠤᠷᠢ ᠶᠢᠨ ᠰᠤᠳᠤᠯᠭᠠᠨ ᠦ ᠪᠦᠳᠦᠭᠡᠯ ᠤᠳ ᠡᠴᠡ ᠳᠠᠨᠢᠯᠴᠠᠭᠤᠯᠵᠠᠢ᠃ ᠬᠡᠭᠦ ᠳᠡᠭᠡᠨ ᠮᠣᠩᠭᠣᠯ ᠬᠡᠯᠡᠨ ᠦ ᠦᠬᠡ ᠪᠦᠳᠦᠭᠡᠬᠦ ᠳᠠᠭᠠᠪᠤᠷᠢ ᠶᠢ ᠲᠦᠷᠦᠯᠵᠢᠭᠦᠯᠦᠭᠰᠡᠨ ᠪᠠ ᠨᠢᠬᠡᠴᠢᠯᠡᠭᠰᠡᠨ ᠪᠠᠢ᠌ᠳᠠᠯ᠂ ᠦᠬᠡ ᠪᠦᠳᠦᠭᠡᠬᠦ ᠳᠠᠭᠠᠪᠤᠷᠢ ᠶᠢᠨ ᠬᠤᠪᠢᠯᠪᠤᠷᠢ ᠪᠠ ᠳᠠᠷᠠᠭᠠᠯᠠᠯ᠂ ᠪᠡᠶ ᠠ ᠪᠡᠨ ᠳᠠᠭᠠᠭᠠᠬᠤ ᠦᠭᠡᠢ ᠦᠨᠳᠦᠰᠦ ᠬᠢᠭᠡᠳ ᠨᠠᠢ᠌ᠯᠠᠮᠠᠯ ᠳᠠᠭᠠᠪᠤᠷᠢ᠂ ᠠᠪᠢᠶᠠᠨ ᠦ ᠪᠦᠷᠢᠯᠳᠦᠭᠦᠨ ᠶᠢᠨᠷ ᠶᠢᠨᠨ ᠠᠳᠠᠯᠢ ᠦᠬᠡ ᠪᠦᠳᠦᠭᠡᠬᠦ ᠳᠠᠭᠠᠪᠤᠷᠢ ᠶᠢ ᠢᠯᠭᠠᠨ ᠨᠢᠬᠡᠴᠢᠯᠡᠬᠦ ᠪᠠ ᠦᠬᠡ ᠪᠦᠳᠦᠭᠡᠬᠦ ᠳᠠᠭᠠᠪᠤᠷᠢ ᠶᠢᠨ ᠤᠳᠬ᠎ᠠ ᠶᠢᠨ ᠲᠤᠬᠠᠢ ᠶᠠᠮᠠᠷ ᠶᠠᠮᠠᠷ ᠲᠤᠷᠠᠳᠦᠯᠳᠡ ᠪᠠᠢ᠌ᠭᠰᠠᠨ ᠬᠡᠳᠡᠭ ᠢ ᠬᠤᠷᠢᠶᠠᠩᠭ᠋ᠤᠢ᠌ᠯᠠᠨ ᠳᠠᠨᠢᠯᠴᠠᠭᠤᠯᠬᠤ ᠶᠢᠨ ᠬᠠᠮᠳᠤ ᠂ ᠦᠩᠭᠡᠷᠡᠭᠰᠡᠨ ᠦ ᠰᠤᠳᠤᠯᠭᠠᠨ ᠳᠤ ᠤᠯᠤᠭᠰᠠᠨ ᠠᠮᠵᠢᠯᠳᠡ᠂ ᠤᠷᠤᠰᠢᠬᠤ ᠪᠠᠢ᠌ᠭ᠎ᠠ ᠠᠰᠠᠭᠤᠳᠠᠯ ᠶᠠᠭᠤ ᠶᠠᠭᠤ ᠪᠠᠢ᠌ᠬᠤ ᠶᠢ ᠵᠠᠳᠠᠯᠤᠨ ᠰᠢᠨᠵᠢᠯᠡᠭᠡᠳ ᠂ ᠦᠬᠡ ᠪᠦᠳᠦᠭᠡᠬᠦ ᠳᠠᠭᠠᠪᠤᠷᠢ ᠶᠢᠨ ᠰᠤᠳᠤᠯᠭᠠᠨ ᠢ ᠬᠡᠷᠬᠢᠨ ᠬᠢᠬᠦ ᠲᠤᠬᠠᠢ ᠮᠠᠨ ᠦ ᠪᠤᠳᠤᠯᠬᠢᠯᠠᠯ ᠶᠢᠨᠨ ᠳᠠᠨᠢᠯᠴᠠᠭᠤᠯᠵᠠᠢ᠃ |