摘要 |
ᠦᠭᠦᠯᠡᠯ ᠳ᠋ᠤ ᠵᠠᠳᠠᠭᠠᠢ ᠰᠢᠯᠦᠭ ᠤᠨ ᠡᠭᠦᠰᠴᠦ ᠪᠣᠢ ᠪᠣᠯᠤᠭᠰᠠᠨ ᠵᠢᠷᠤᠮ ᠢ ᠦᠨᠳᠦᠰᠦᠯᠡᠨ᠂ ᠣᠷᠴᠢᠨ᠂ ᠣᠳᠣ ᠦᠶ ᠡ ᠶᠢᠨ ᠮᠣᡁᠩᠭᠤᠯ ᠰᠢᠯᠦᠭ᠂ ᠨᠠᠢᠷᠠᠭᠤᠯᠤᠯ ᠤᠨ ᠪᠦᠲᠦᠭᠡᠯ ᠤᠳ ᠢ ᠰᠢᠰᠲ᠋ᠸᠮ ᠲᠠᠢ ᠠᠵᠢᠭᠯᠠᠵᠤ᠂ ᠮᠣᠩᠭᠤᠯ ᠵᠠᠳᠠᠭᠠᠢ ᠰᠢᠯᠦᠭ19ᠳ᠋ᠤᠭᠡᠷ ᠵᠠᠭᠤᠨ ᠤ ᠲᠤᠮᠳᠠ᠂ ᠰᠡᠭᠦᠯᠴᠢ ᠦᠶ ᠡ ᠡᠴᠡ ᠡᠬᠢᠯᠡᠨ ᠬᠦᠪᠦᠷᠡᠨ ᠰᠣᠶᠣᠭᠠᠯᠠᠵᠤ᠂ 20ᠳ᠋ᠤᠭᠠᠷ ᠵᠠᠭᠤᠨ ᠤ ᠭᠤᠴᠢᠭᠠᠳ ᠣᠨ ᠤ ᠰᠡᠭᠦᠯ᠂ ᠲᠦᠴᠢᠭᠡᠳ ᠣᠨ ᠤ ᠡᠬᠢ ᠪᠡᠷ ᠪᠡᠶ ᠠ ᠪᠠᠨ ᠲᠠᠭᠠᠭᠠᠭᠰᠠᠨ ᠬᠡᠯᠪᠡᠷᠢ ᠪᠡᠷ ᠢᠯᠡᠷᠡᠵᠡᠢ ᠭᠡᠰᠡᠨ ᠦᠵᠡᠯᠲᠡ ᠵᠢ ᠲᠤᠷᠠᠳᠪᠠ᠃ᠡᠬᠦᠨ ᠤ ᠲᠠᠠᠭᠤ ᠮᠣᠩᠭᠤᠯ ᠵᠠᠳᠠᠭᠠᠢ ᠰᠢᠯᠦᠭ ᠤᠨ ᠬᠦᠭᠵᠢᠯ ᠤᠨ ᠶᠠᠪᠤᠴᠠ ᠵᠢ ᠭᠤᠷᠪᠠᠨ ᠱᠠᠲᠤᠨ ᠳ᠋ᠤ ᠬᠤᠪᠢᠶᠠᠨ ᠦᠵᠡᠵᠡᠦ᠂ ᠲᠡᠭᠦᠨ ᠤ ᠮᠣᠩᠭᠤᠯ ᠢᠷᠠᠭᠤ ᠨᠠᠢᠷᠠᠭ ᠬᠢᠭᠡᠳ ᠪᠣᠰᠤᠳ ᠰᠲ᠋ᠢᠯᠢ ᠮᠠᠶᠢᠭ ᠤᠨ ᠤᠷᠠᠨ ᠵᠣᠬᠢᠶᠠᠯ ᠳ᠋ᠡᠬᠢ ᠨᠦᠯᠦᠭᠡ ᠲᠤᠰᠬᠠᠯ ᠢ ᠲᠤᠢᠮᠤᠴᠢᠯᠠᠨ ᠦᠭᠦᠯᠡᠵᠡᠢ᠃ |