题名 |
LED CaMoO4:Eu3+,Gd3+ ᠤᠯᠠᠭᠠᠨ ᠦᠩᠭᠡᠲᠡᠢ ᠴᠡᠭᠡᠨ ᠭᠡᠷᠡᠯᠲᠦ ᠨᠤᠨᠳᠠᠭ ᠤᠨ ᠭᠡᠷᠡᠯ ᠭᠠᠷᠬᠤ ᠰᠢᠨᠵᠢ ᠴᠢᠨᠠᠷ ᠤᠨ ᠰᠤᠳᠤᠯᠤᠯ |
作者 |
ᠰᠠᠷᠠᠨ; ᠵᠢᠶᠠ ᠴᠢᠶᠠᠨ ᠨᠠᠨ; ᠰᠠᠢᠨ᠎ᠠ; ᠶᠤᠸᠠᠨ ᠭᠤᠸᠠᠩ ᠸᠧᠢ; ᠸᠠᠩ ᠯᠢ |
关键词 |
CaMoO4:Eu3+,Gd3+ ᠤᠯᠠᠭᠠᠨ ᠦᠩᠭᠡᠲᠡᠢ ᠴᠡᠭᠡᠨ ᠭᠡᠷᠡᠯᠲᠦ ᠨᠤᠨᠳᠠᠭ; ᠴᠠᠭᠠᠨ ᠭᠡᠷᠡᠯᠲᠦ LED; ᠠᠭᠤᠰᠤᠮᠠᠯ ᠴᠠᠪᠠᠤ — ᠴᠠᠷᠴᠠᠮᠠᠯ ᠴᠠᠪᠠᠤᠤ ᠶᠢᠨ ᠠᠷᠭ᠎ᠠ; ᠭᠡᠷᠡᠯ ᠭᠠᠷᠬᠤ ᠰᠢᠨᠵᠢ ᠴᠢᠨᠠᠷ |
摘要 |
ᠨᠢᠮᠪᠡᠭᠡ ᠬᠦᠴᠢᠯ ᠦᠨ ᠠᠭᠤᠰᠤᠮᠠᠯ ᠴᠠᠪᠠᠤ — ᠴᠠᠷᠴᠠᠮᠠᠯ ᠴᠠᠪᠠᠤ ᠶᠢᠨ ᠠᠷᠭ᠎ᠠ ᠪᠠᠷ CaMoO4᠋ ᠤᠨ ᠳᠤᠲᠤᠷ᠎ᠠ Eu3+,Gd3+᠋ ᠢ ᠬᠠᠮᠲᠤ ᠪᠠᠷ ᠬᠤᠯᠢᠭᠰᠠᠨ ᠤᠯᠠᠭᠠᠨ ᠦᠩᠭᠡᠲᠡᠢᠦ ᠴᠡᠭᠡᠨ ᠭᠡᠷᠡᠯᠲᠦ ᠨᠤᠨᠳᠠᠭ ᠢ ᠦᠢᠯᠡᠳᠪᠡ᠃ X — ᠰᠠᠴᠤᠷᠠᠭ ᠤᠨ ᠲᠦᠭᠡᠯᠲᠡ ᠶᠢᠨ ᠵᠠᠳᠠᠯᠤᠯᠲᠠ᠂ ᠢᠯᠭᠠᠪᠤᠷᠢᠲᠤ ᠢᠯᠴᠢ — ᠢᠯᠴᠢ ᠮᠡᠰ ᠪᠠ ᠤᠯᠠᠭᠠᠨ ᠤ ᠭᠠᠳᠠᠨᠠᠬᠢ ᠭᠡᠷᠡᠯ ᠦᠨ ᠵᠢᠭᠰᠠᠯ ᠢᠶᠠᠷ ᠰᠤᠷᠢᠴᠠ ᠶᠢᠨ ᠭᠠᠳᠠᠷ ᠰᠢᠨᠵᠢ ᠶᠢ ᠬᠡᠮᠵᠢᠵᠦ᠂ ᠴᠡᠭᠡᠨ ᠭᠡᠷᠡᠯ ᠦᠨ ᠭᠡᠷᠡᠯᠳᠦᠯᠲᠡ ᠶᠢᠨ ᠬᠡᠮᠵᠢᠭᠦᠷ ᠢᠶᠡᠷ ᠰᠤᠷᠢᠴᠠ ᠶᠢᠨ ᠦᠳᠦᠭᠡᠮᠡᠯ ᠭᠡᠷᠡᠯ ᠦᠨ ᠵᠢᠭᠰᠠᠯ ᠪᠠ ᠰᠠᠴᠤᠷᠠᠯᠲᠠ ᠶᠢᠨ ᠭᠡᠷᠡᠯ ᠦᠨ ᠵᠢᠭᠰᠠᠯ ᠢ ᠬᠡᠮᠵᠢᠪᠡ᠃ ᠦᠷ᠎ᠡ ᠳ᠋ᠦᠩ ᠡᠴᠡ ᠦᠵᠡᠪᠡᠯ᠂ 800℃᠋ ᠢᠶᠠᠷ ᠴᠤᠨᠤᠭᠠᠭᠰᠠᠨ ᠳᠦᠷᠪᠡᠯᠵᠢᠨ ᠲᠠᠯᠠᠰᠲᠤ ᠪᠦᠲᠦᠴᠡ ᠲᠡᠢ CaMoO4᠄ Eu3+,Gd3+᠋ ᠦ ᠴᠡᠭᠡᠨ ᠭᠡᠷᠡᠯᠲᠦ ᠨᠤᠨᠳᠠᠭ ᠢ ᠣᠯᠵᠠᠢ᠃ ᠡᠭᠦᠨ ᠳᠦ CaMoO4᠄ Eu3+,Gd3+᠋ ᠰᠢᠰᠲ᠋ᠧᠮ ᠳᠡᠬᠢ Eu3᠋ ᠦ ᠭᠡᠷᠡᠯ ᠭᠠᠷᠬᠤ ᠬᠦᠴᠦᠯᠡᠴᠡ ᠨᠢ ᠴᠤᠷ ᠤᠨ ᠭᠠᠭᠴᠠ Eu3᠋ ᠢ ᠬᠤᠯᠢᠬᠤ ᠦᠶᠡᠰ ᠦᠨ ᠭᠡᠷᠡᠯ ᠭᠠᠷᠬᠤ ᠬᠦᠴᠦᠯᠡᠴᠡ ᠡᠴᠡ ᠨᠡᠩ ᠴᠢᠩᠭ᠍᠎ᠠ ᠪᠠᠢᠭ᠎ᠠ ᠶᠢ ᠣᠯᠵᠤ ᠮᠡᠳᠡᠪᠡ᠃ ᠡᠢᠮᠦ ᠡᠴᠡ Gd3+ ᠨᠢ Eu3+᠋ ᠤ ᠭᠡᠷᠡᠯ ᠭᠠᠷᠬᠤ ᠳᠤ ᠮᠠᠰᠢ ᠢᠯᠡᠷᠬᠡᠢ ᠰᠡᠷᠭᠡᠭᠵᠢᠭᠦᠯᠬᠦ ᠦᠢᠯᠡᠳᠦᠯ ᠢ ᠦᠵᠡᠭᠦᠯᠵᠦ ᠪᠠᠢᠨ᠎ᠠ᠃ 615nm᠋ ᠤᠨ ᠳᠤᠯᠭᠢᠶᠠᠨ ᠤ ᠤᠷᠲᠤ ᠪᠦᠬᠦᠢ ᠭᠡᠷᠡᠯ ᠦᠨ ᠳᠤᠤᠷ᠎ᠠ᠂ CaMoO4:Eu3+,Gd3+ ᠤᠨᠳᠠᠭ ᠤᠨ ᠦᠳᠦᠭᠡᠮᠡᠯ ᠭᠡᠷᠡᠯ ᠦᠨ ᠵᠢᠭᠰᠠᠯ ᠨᠢ ᠨᠢᠭᠡ ᠦᠷᠭᠡᠨ ᠪᠦᠰᠡ ᠬᠢᠭᠡᠳ ᠨᠢᠭᠡ ᠢᠵᠢ ᠬᠤᠷᠴᠠ ᠣᠷᠭᠢᠯ ᠡᠭᠦᠰᠬᠦ ᠶᠢ ᠮᠡᠳᠡᠪᠡ᠃ ᠡᠭᠦᠨ ᠦ ᠬᠠᠮᠤᠭ ᠤᠨ ᠴᠢᠩᠭ᠍᠎ᠠ ᠳᠤᠯᠭᠢᠶᠠᠨ ᠤ ᠣᠷᠭᠢᠯ ᠨᠢ ᠬᠦᠬᠡ ᠭᠡᠷᠡᠯ ᠦᠨ 465nm᠋ ᠤᠨ ᠬᠡᠰᠡᠭ ᠲᠤ ᠢᠯᠡᠷᠡᠪᠡ᠃ ᠳᠡᠳᠡᠯᠡᠬᠦ ᠳᠤᠯᠭᠢᠶᠠᠨ ᠤ ᠣᠷᠭᠢᠯ ᠨᠢ 395nm᠋ ᠤᠨ ᠣᠷᠴᠢᠮ ᠳᠤ ᠢᠯᠡᠷᠡᠪᠡ᠃ ᠡᠨᠡ ᠨᠢ ᠲᠤᠰ ᠴᠡᠭᠡᠨ ᠭᠡᠷᠡᠯᠲᠦ ᠨᠤᠨᠤᠳᠠᠭ ᠪᠠ ᠳᠡᠯᠭᠡᠷᠡᠩᠭᠦᠢ ᠬᠡᠷᠡᠭᠯᠡᠵᠦ ᠪᠠᠢᠭ᠎ᠠ ᠬᠦᠬᠡ ᠭᠡᠷᠡᠯᠲᠦ LED ᠴᠠᠬᠢᠮ ᠤᠨ ᠭᠠᠷᠭᠠᠬᠤ ᠳᠤᠯᠭᠢᠶᠠᠨ ᠤ ᠤᠷᠲᠤ ᠲᠠᠢ ᠢᠵᠢᠯᠰᠢᠬᠦ ᠶᠢ ᠬᠠᠷᠠᠭᠤᠯᠵᠤ ᠪᠠᠢᠨ᠎ᠠ᠃ 465nm᠋ ᠤᠨ ᠬᠦᠬᠡ ᠭᠡᠷᠡᠯ ᠦᠨ ᠦᠳᠦᠭᠡᠯᠲᠡ ᠳᠤᠤᠷ᠎ᠠ᠂ ᠰᠤᠷᠢᠴᠠ ᠶᠢᠨ ᠰᠠᠴᠤᠷᠠᠭᠤᠯᠬᠤ ᠨᠢ Eu3+ ᠢᠶᠤᠨ ᠤ 5D0→7F2 ᠴᠠᠬᠢᠯᠭᠠᠨ ᠬᠤᠤᠰ ᠲᠤᠢᠯᠲᠤ ᠦᠰᠦᠷᠦᠯᠲᠡ ᠪᠡᠷ ᠭᠤᠤᠯ ᠪᠤᠯᠭᠠᠭᠰᠠᠨ ᠴᠢᠩᠭ᠍᠎ᠠ ᠤᠯᠠᠭᠠᠨ ᠭᠡᠷᠡᠯ ᠶᠤᠮ᠃ Gd3+᠋ ᠤ ᠰᠡᠷᠭᠡᠭᠵᠢᠭᠦᠯᠬᠦ ᠦᠢᠯᠡᠳᠦᠯ ᠡᠴᠡ ᠪᠤᠯᠵᠤ᠂ ᠲᠤᠰ ᠠᠷᠭ᠎ᠠ ᠪᠠᠷ ᠦᠢᠯᠡᠳᠦᠭᠰᠡᠨ CaMoO4:Eu3+,Gd3+ ᠨᠤᠨᠳᠠᠭ ᠨᠢ ᠨᠢᠭᠡ ᠵᠤᠢᠯ ᠤᠨ ᠨᠢᠭᠤᠭᠳᠠᠮᠠᠯ ᠬᠦᠬᠡ ᠭᠡᠷᠡᠯᠲᠦ LED ᠴᠠᠬᠢᠮ ᠤᠨ ᠭᠡᠷᠡᠯ ᠬᠤᠪᠢᠰᠤᠭᠤᠯᠬᠤ ᠤᠯᠠᠭᠠᠨ ᠭᠡᠷᠡᠯ ᠦᠨ ᠮᠠᠲ᠋ᠧᠷᠢᠶᠠᠯ ᠪᠤᠯᠵᠤ ᠪᠤᠯᠤᠯᠴᠠᠭ᠎ᠠ ᠲᠠᠢ ᠶᠤᠮ᠃ |
原文 |
没有原文
|
出自 |
内蒙古师范大学学报(自然科学蒙古文版)
2013年
第4期
|