题名 |
ᠠᠲᠤᠷᠢᠶ᠎ᠠ ᠨᠠᠪᠴᠢᠲᠤ ᠬᠦᠬᠡ ᠬᠦᠪᠲᠦ ᠪᠡ ᠰᠢᠯᠤᠭᠤᠨ ᠨᠠᠪᠴᠢᠲᠤ ᠰᠠᠷᠠᠯ ᠬᠦᠪᠲᠦ ᠶᠢᠨ ᠭᠡᠷᠡᠯ ᠨᠡᠢᠯᠡᠯᠭᠡ ᠶᠢᠨ ᠣᠨᠴᠠᠯᠢᠭ ᠢ ᠠᠳᠠᠯᠢᠳᠬᠠᠨ ᠰᠤᠳᠤᠯᠬᠤ ᠨᠢ |
作者 |
ᠰᠡᠷᠭᠦᠯᠡᠩ; ᠸᠧᠢ ᠰᠢᠶᠠᠨ ᠵᠢᠶᠦ᠋ᠨ; ᠰᠡᠴᠡᠨᠪᠠᠭᠠᠲᠤᠷ; ᠲᠢᠶᠠᠨ ᠭᠦᠢ ᠴᠢᠤᠸᠠᠨ |
关键词 |
ᠠᠲᠤᠷᠢᠶ᠎ᠠ ᠨᠠᠪᠴᠢᠲᠤ ᠬᠦᠬᠡ ᠬᠦᠪᠲᠦ; ᠰᠢᠯᠤᠭᠤᠨ ᠨᠠᠪᠴᠢᠲᠤ ᠰᠠᠷᠠᠯ ᠬᠦᠪᠲᠦ; ᠭᠡᠷᠡᠯ ᠨᠡᠢᠯᠡᠯᠭᠡ ᠶᠢᠨ ᠦᠢᠯᠡᠳᠦᠯ |
摘要 |
ᠠᠲᠤᠷᠢᠶ᠎ᠠ ᠨᠠᠪᠴᠢᠲᠤ ᠬᠦᠬᠡ ᠬᠦᠪᠲᠦ ᠪᠡ ᠰᠢᠯᠤᠭᠤᠨ ᠨᠠᠪᠴᠢᠲᠤ ᠰᠠᠷᠠᠯ ᠬᠦᠪᠲᠦ ᠶᠢᠨ ᠭᠡᠷᠡᠯ ᠨᠡᠢᠯᠡᠯᠭᠡ ᠶᠢᠨ ᠣᠨᠴᠠᠯᠢᠭ ᠢ ᠠᠳᠠᠯᠢᠳᠬᠠᠨ ᠰᠤᠳᠤᠯᠵᠠᠢ᠃ ᠲᠤᠷᠰᠢᠯᠲᠠ ᠶᠢᠨ ᠦᠷ᠎ᠡ ᠳ᠋ᠦᠩ ᠳᠦ᠄ ᠠᠲᠤᠷᠢᠶ᠎ᠠ ᠨᠠᠪᠴᠢᠲᠤ ᠬᠦᠬᠡ ᠬᠦᠪᠲᠦ ᠶᠢᠨ ᠨᠠᠪᠴᠢᠨ ᠨᠤᠭᠤᠭᠠᠨ ᠡᠳ᠋ a᠂ ᠨᠠᠪᠴᠢᠨ ᠨᠤᠭᠤᠭᠠᠨ ᠡᠳ᠋ b ᠵᠢᠴᠢ ᠬᠤ ᠯᠤᠤᠪᠠᠩᠯᠢᠭ ᠡᠳ᠋ ᠦᠨ ᠠᠭᠤᠯᠤᠮᠵᠢ ᠨᠢ ᠪᠦᠷ ᠰᠢᠯᠤᠭᠤᠨ ᠨᠠᠪᠴᠢᠲᠤ ᠰᠠᠷᠠᠯ ᠬᠦᠪᠲᠦ ᠶᠢᠨ ᠠᠭᠤᠯᠤᠮᠵᠢ ᠠᠴᠠ ᠦᠨᠳᠦᠷ ᠪᠠᠢᠭ᠎ᠠ ᠶᠢ ᠮᠡᠳᠡᠭᠰᠡᠨ ᠪᠠᠢᠨ᠎ᠠ᠃ ᠲᠤᠷᠰᠢᠯᠲᠠ ᠶᠢᠨ ᠶᠠᠪᠤᠴᠠ ᠳᠤ ᠠᠲᠤᠷᠢᠶ᠎ᠠ ᠨᠠᠪᠴᠢᠲᠤ ᠬᠦᠬᠡ ᠬᠦᠪᠲᠦ ᠶᠢᠨ ᠨᠠᠪᠴᠢᠨ ᠨᠤᠭᠤᠭᠠᠨ ᠡᠳ᠋ a᠂ ᠨᠠᠪᠴᠢᠨ ᠨᠤᠭᠤᠭᠠᠨ ᠡᠳ᠋ b᠋ ᠶᠢᠨ ᠬᠠᠷᠢᠴᠠᠯ ᠨᠢ 1.78 ᠪᠠᠢᠵᠤ᠂ ᠰᠢᠯᠤᠭᠤᠨ ᠨᠠᠪᠴᠢᠲᠤ ᠰᠠᠷᠠᠯ ᠬᠦᠪᠲᠦ ᠶᠢᠨ ᠲᠤᠰ ᠬᠠᠷᠢᠴᠠᠯ ᠨᠢ 1.93 ᠪᠠᠢᠭ᠎ᠠ ᠶᠢ ᠬᠡᠮᠵᠢᠨ ᠣᠯᠬᠤ ᠶᠢᠨ ᠤᠯᠠᠮ ᠢᠶᠠᠷ ᠠᠲᠤᠷᠢᠶ᠎ᠠ ᠨᠠᠪᠴᠢᠲᠤ ᠬᠦᠬᠡ ᠬᠦᠪᠲᠦ ᠶᠢᠨ ᠭᠡᠷᠡᠯ ᠨᠡᠢᠯᠡᠯᠭᠡ ᠶᠢᠨ ᠬᠤᠷᠳᠤᠴᠠ ᠶᠢᠨ ᠡᠳᠦᠷ ᠦᠨ ᠬᠤᠪᠢᠷᠠᠯᠲᠠ ᠨᠢ ᠳ᠋ᠠᠩ ᠣᠷᠭᠢᠯᠲᠤ ᠵᠢᠷᠤᠮᠠᠭ ᠤᠨ ᠬᠡᠯᠪᠡᠷᠢ ᠲᠡᠢ ᠪᠠᠢᠵᠤ᠂ ᠰᠢᠯᠤᠭᠤᠨ ᠨᠠᠪᠴᠢᠲᠤ ᠰᠠᠷᠠᠯ ᠬᠦᠪᠲᠦ ᠶᠢᠨ ᠭᠡᠷᠡᠯ ᠨᠡᠢᠯᠡᠯᠭᠡ ᠶᠢᠨ ᠬᠤᠷᠳᠤᠴᠠ ᠶᠢᠨ ᠡᠳᠦᠷ ᠦᠨ ᠬᠤᠪᠢᠷᠠᠯᠲᠠ ᠨᠢ ᠬᠤᠤᠰ ᠣᠷᠭᠢᠯᠲᠤ ᠵᠢᠷᠤᠮᠠᠭ ᠤᠨ ᠬᠡᠯᠪᠡᠷᠢ ᠲᠡᠢ ᠪᠦᠭᠡᠳ ᠦᠳᠡ ᠶᠢᠨ ᠠᠮᠠᠷᠠᠯᠲᠠ ᠶᠢᠨ ᠦᠵᠡᠭᠳᠡᠯ ᠢᠯᠡᠷᠡᠵᠡᠢ᠃ |
原文 |
没有原文
|
出自 |
内蒙古师范大学学报(自然科学蒙古文版)
2010年
第2期
|