摘要 |
ᠦᠭᠦᠯᠡᠯ ᠳᠤ ᠬᠤᠷᠴᠢᠨ ᠠᠷᠠᠳ ᠤᠨ ᠲᠠᠭᠤᠤ ᠳᠤ ᠬᠢ ᠬᠠᠢ᠌ᠷᠠᠯᠠᠯᠴᠠᠭᠰᠠᠨ ᠬᠤᠶᠠᠷ ᠵᠠᠯᠠᠭᠤ ᠶᠢᠨ ᠠᠯᠴᠢᠭᠤᠷ ᠬᠦᠷᠭᠡᠬᠦ ᠵᠠᠩ ᠦᠢᠯᠡ ᠶᠢ ᠮᠤᠩᠭ᠋ᠤᠯ ᠤᠨ ᠤᠯᠠᠮᠵᠢᠯᠠᠯᠳᠤ ᠵᠠᠩ ᠦᠢᠯᠡ᠂ ᠠᠮᠠᠨ ᠤᠷᠠᠯᠢᠭ᠂ ᠠᠷᠠᠳ ᠤᠨ ᠲᠠᠭᠤᠤ ᠵᠡᠷᠭᠡ ᠰᠤᠶᠤᠯ ᠤᠨ ᠠᠬᠤᠢ ᠳᠤ ᠲᠠᠯᠪᠢᠨ ᠰᠢᠨᠵᠢᠯᠡᠬᠦ ᠶᠢᠨ ᠲᠠᠭᠠᠤ᠂ ᠲᠤᠯᠢ ᠪᠢᠴᠢᠭ᠌ ᠵᠡᠷᠭᠡ ᠶᠢ ᠭᠦᠢᠴᠡᠳ ᠠᠰᠢᠭᠯᠠᠨ᠂ ᠬᠤᠷᠴᠢᠨ ᠤ ᠤᠷᠤᠭ ᠬᠤᠷᠢᠮ ᠲᠤ 《ᠬᠠᠳᠠᠭ ᠶᠢᠡᠨ ᠲᠠᠳᠠᠵᠤ ᠬᠠᠳᠠᠭᠠᠰᠤ ᠪᠠᠨ ᠲᠠᠯᠪᠢᠯ᠎ᠠ᠂ ᠠᠯᠴᠢᠭᠤᠷ ᠶᠢᠡᠨ ᠲᠠᠳᠠᠵᠤ ᠠᠷᠭᠠᠮᠵᠢ ᠪᠠᠨ ᠲᠠᠯᠪᠢᠯ᠎ᠠ》ᠭᠡᠵᠦ ᠬᠠᠳᠠᠭ ᠪᠤᠯᠤᠨ ᠠᠯᠴᠢᠭᠤᠷ ᠤᠨ ᠰᠢᠯᠵᠢᠰᠢ ᠦᠭᠡᠢ 《ᠬᠠᠳᠠᠭᠠᠰᠤ》 ᠰᠢᠭ ᠭᠡᠬᠦ ᠭᠦᠨ ᠤᠳᠬ᠎ᠠ ᠳᠤ ᠰᠠᠭᠤᠷᠢᠯᠠᠨ ᠬᠤᠷᠴᠢᠨ ᠠᠷᠠᠳ ᠤᠨ ᠲᠠᠭᠤᠤ ᠳᠤ ᠭᠠᠷᠳᠠᠭ ᠠᠯᠴᠢᠭᠤᠷ ᠨᠢ ᠬᠠᠢ᠌ᠷᠠᠯᠠᠯᠴᠠᠭᠰᠠᠨ ᠬᠤᠶᠠᠷ ᠵᠠᠯᠠᠭᠤ ᠶᠢ ᠬᠠᠢ᠌ᠷ᠎ᠠ ᠰᠡᠳᠭᠢᠯ ᠤᠨ ᠰᠢᠯᠵᠢᠰᠢ ᠦᠭᠡᠢ 《ᠬᠠᠳᠠᠭᠠᠰᠤ》 ᠰᠢᠭ ᠢᠳᠡᠭᠡᠯ ᠵᠤᠷᠢᠭ ᠤᠨ ᠢᠯᠡᠷᠬᠡᠢ᠌ᠯᠡᠯ ᠪᠠᠢ᠌ᠵᠤ᠂ ᠬᠡᠯᠡᠭᠰᠡᠨ ᠦᠭᠡᠨ ᠳᠤ ᠪᠠᠨ ᠬᠦᠷᠬᠦ ᠡᠴᠡ ᠪᠤᠴᠠᠬᠤ ᠦᠭᠡᠢ᠂ 《ᠤᠷᠤᠭ ᠲᠤᠭᠳᠠᠵᠤ᠂ ᠭᠡᠷ ᠪᠦᠯᠢ ᠪᠤᠯᠬᠤ》 ᠭᠡᠰᠡ ᠪᠡᠯᠭᠡᠳᠡᠯ ᠰᠠᠨᠠᠭ᠎ᠠ ᠤᠳᠬ᠎ᠠ ᠪᠤᠢ ᠭᠡᠬᠦ ᠦᠵᠡᠯᠳᠡ ᠶᠢ ᠲᠡᠪᠰᠢᠭᠦᠯᠬᠦ ᠶᠢ ᠵᠤᠷᠢᠭᠰᠠᠨ ᠪᠠᠢ᠌ᠨ᠎ᠠ᠃ |