题名 |
ᠮᠣᠩᠭᠤᠯ ᠬᠡᠯᠡᠨ ᠦ ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠬᠢᠭᠡᠳ ᠲᠡᠭᠦᠨ ᠦ ᠲᠠᠨᠢᠨ ᠮᠡᠳᠡᠭᠦᠢ ᠶᠢᠨ ᠦᠨᠳᠦᠰᠦᠯᠡᠯ |
作者 |
ᠯ · ᠲᠤᠭᠲᠠᠮᠪᠠᠶᠠᠷ |
关键词 |
ᠡᠷᠭᠢᠭᠦᠯᠦᠨ ᠵᠢᠭᠠᠬᠤ; ᠢᠯᠡᠳᠭᠡᠭᠴᠢ ᠬᠡᠯᠪᠡᠷᠢ; ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠦ ᠳᠦᠷᠢᠮ |
摘要 |
1990 ᠣᠨ ᠳᠤ ᠲᠠᠨᠢᠨ ᠮᠡᠳᠡᠭᠦᠢ ᠶᠢᠨ ᠬᠡᠯᠡ ᠰᠢᠨᠵᠢᠯᠡᠯ ᠦᠨ ᠡᠷᠳᠡᠮᠲᠡᠨ ᠠᠢᠷᠸᠤ᠋ ᠲᠠᠨᠢᠨ ᠮᠡᠳᠡᠭᠦᠢ ᠰᠡᠳᠬᠢᠴᠡ ᠶᠢᠨ ᠤᠬᠠᠭᠠᠨ ᠤ ᠬᠦᠷᠦᠯᠴᠡᠬᠦᠢᠴᠡ ᠰᠢᠨᠵᠢ ᠶᠢᠨ ᠣᠨᠣᠯ ᠢ ᠠᠰᠢᠭᠯᠠᠵᠤ᠂ ᠬᠡᠯᠡᠨ ᠦ ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠢ ᠰᠢᠨᠵᠢᠯᠡᠵᠦ᠂ ᠠᠳᠠᠯᠢ ᠪᠤᠰᠤ ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠨᠢ ᠬᠦᠮᠦᠨ ᠦ ᠶᠡᠬᠡ ᠲᠠᠷᠢᠬᠢᠨ ᠦ ᠴᠡᠭᠡᠵᠢᠯᠡᠭᠦᠢ ᠶᠢᠨ ᠰᠢᠰᠲ᠋ᠧᠮ ᠳᠡᠬᠢ ᠬᠦᠷᠦᠯᠴᠡᠬᠦᠢᠴᠡ ᠬᠡᠮᠵᠢᠶ᠎ᠡ ᠪᠡᠷ ᠲᠤᠭᠲᠠᠭᠠᠭᠳᠠᠵᠤ ᠪᠠᠢᠬᠤ ᠶᠢ ᠢᠯᠡᠷᠡᠭᠦᠯᠵᠡᠢ᠃ ᠲᠡᠭᠦᠨ ᠦ ᠰᠤᠳᠤᠯᠭᠠᠨᠤ ᠣᠨᠣᠯ ᠬᠢᠭᠡᠳ ᠠᠷᠭ᠎ᠠ ᠨᠢ ᠮᠣᠩᠭᠤᠯ ᠬᠡᠯᠡᠨ ᠦ ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠦ ᠬᠡᠷᠡᠭᠯᠡᠭᠳᠡᠬᠦ ᠨᠦᠬᠦᠴᠡᠯ ᠬᠢᠭᠡᠳ ᠲᠡᠭᠦᠨ ᠦ ᠦᠨᠳᠦᠰᠦᠯᠡᠯ ᠢ ᠰᠦᠪᠡᠭᠴᠢᠯᠡᠨ ᠭᠠᠷᠭᠠᠬᠤ ᠳᠤ ᠣᠨᠣᠯ ᠪᠠ ᠠᠷᠭ᠎ᠠ ᠶᠢᠨ ᠲᠠᠯ᠎ᠠ ᠪᠠᠷ ᠲᠤᠩ ᠶᠡᠬᠡ ᠰᠡᠩᠬᠡᠷᠡᠭᠦᠯᠦᠯ ᠪᠤᠯᠤᠨ᠎ᠠ᠃ ᠲᠤᠰ ᠦᠭᠦᠯᠡᠯ ᠳᠦ ᠤᠷᠢᠳᠠᠪᠠᠷ ᠡᠷᠭᠢᠭᠦᠯᠦᠨ ᠵᠢᠭᠠᠬᠤ ᠶᠢᠨ ᠤᠬᠠᠭᠳᠠᠬᠤᠨ᠂ ᠮᠣᠩᠭᠤᠯ ᠬᠡᠯᠡᠨ ᠦ ᠢᠯᠡᠳᠭᠡᠭᠴᠢ ᠬᠡᠯᠪᠡᠷᠢ ᠶᠢ ᠲᠤᠳᠤᠷᠬᠠᠢᠯᠠᠵᠤ᠂ ᠳᠠᠷᠠᠭ᠎ᠠ ᠨᠢ ᠬᠦᠷᠦᠯᠴᠡᠬᠦᠢᠴᠡ ᠰᠢᠨᠵᠢ ᠶᠢᠨ ᠣᠨᠣᠯ ᠢᠶᠠᠷ ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠬᠢᠭᠡᠳ ᠲᠡᠭᠦᠨ ᠦ ᠬᠡᠷᠡᠭᠯᠡᠭᠳᠡᠬᠦ ᠨᠦᠬᠦᠴᠡᠯ᠂ ᠦᠨᠳᠦᠰᠦᠯᠡᠯ ᠢ ᠰᠦᠪᠡᠭᠴᠢᠯᠡᠨ ᠭᠠᠷᠭᠠᠬᠤ ᠶᠢ ᠵᠤᠷᠢᠪᠠ᠃ |
原文 |
查看原文
|
出自 |
中国蒙古学
2015年
第1期
|