| 题名 | 
                ᠦᠪᠦᠷ ᠮᠣᠩᠭᠤᠯ ᠤᠨ ᠮᠣᠩᠭᠤᠯ ᠣᠳᠤᠨ ᠲᠧᠯᠧᠢᠰ ᠤᠨ ᠲᠧᠯᠧᠢᠰ ᠶᠠᠷᠢᠯᠴᠠᠭᠠᠨ ᠤ ᠫᠷᠤᠭ᠍ᠷᠠᠮ ᠤᠨ ᠬᠦᠲᠦᠯᠦᠭᠴᠢ ᠶᠢᠨ ᠶᠠᠷᠢᠯᠴᠠᠬᠤ ᠤᠷᠠ ᠳᠠᠮ ᠤᠨ ᠲᠤᠬᠠᠢ ᠠᠵᠢᠭᠯᠠᠯᠲᠠ | 
            
            
                | 作者 | 
                ᠰᠢᠯᠢᠩ᠋ᠭᠤᠤᠠ | 
            
            
                | 关键词 | 
                ᠶᠠᠷᠢᠯᠴᠠᠭᠠᠨ ᠤ ᠫᠷᠤᠭ᠍ᠷᠠᠮ; ᠬᠦᠲᠦᠯᠦᠭᠴᠢ; ᠶᠠᠷᠢᠯᠴᠠᠬᠤ ᠤᠷᠠ ᠳᠡᠮ | 
            
            
                | 摘要 | 
                ᠲᠧᠯᠧᠢᠰ ᠶᠠᠷᠢᠯᠴᠠᠭᠠᠨ ᠤ ᠫᠷᠤᠭ᠍ᠷᠠᠮ ᠨᠢ ᠣᠯᠠᠩᠭᠢ ᠳᠠᠭᠠᠨ ᠶᠠᠷᠢᠯᠴᠠᠭᠠᠨ ᠤ ᠰᠡᠳᠦᠪ᠂ ᠬᠦᠲᠦᠯᠦᠭᠴᠢ᠂ ᠵᠤᠴᠢᠨ᠂ ᠲᠤᠬᠠᠢ ᠶᠢᠨ ᠲᠠᠯᠠᠪᠤᠷ ᠤᠨ ᠦᠵᠡᠭᠴᠢᠳ ᠭᠡᠬᠦ ᠳᠦᠷᠪᠡᠨ ᠡᠯᠧᠮᠧᠨ᠋ᠲ᠋ ᠠᠴᠠ ᠪᠦᠷᠢᠯᠳᠦᠳᠡᠭ᠃ ᠡᠭᠦᠨ ᠳᠦ ᠬᠦᠲᠦᠯᠦᠭᠴᠢ ᠶᠠᠷᠢᠯᠴᠠᠭᠠᠨ ᠤ ᠫᠷᠤᠭ᠍ᠷᠠᠮ ᠳᠤ ᠮᠠᠰᠢ ᠴᠢᠬᠤᠯᠠ ᠦᠢᠯᠡᠳᠦᠯ ᠦᠵᠡᠭᠦᠯᠳᠡᠭ᠃ ᠶᠠᠷᠢᠯᠴᠠᠭᠠᠨ ᠤ ᠫᠷᠭ᠍ᠷᠠᠮ ᠤᠨ ᠠᠮᠵᠢᠯᠲᠠ ᠣᠯᠬᠤ ᠡᠰᠡᠭᠦ ᠳᠦ ᠮᠠᠰᠢ ᠣᠯᠠᠨ ᠰᠢᠯᠲᠠᠭᠠᠨ ᠪᠠᠢ᠋ᠳᠠᠭ ᠪᠤᠯᠪᠠᠴᠤ ᠳᠠᠮᠵᠢᠭᠤᠯᠭᠠ ᠶᠢᠨ ᠤᠬᠠᠭᠠᠨ ᠤ ᠬᠠᠷᠠᠭᠠᠨ ᠠᠴᠠ ᠬᠡᠯᠡᠪᠡᠯ ᠶᠠᠷᠢᠯᠴᠠᠭᠠᠨ ᠤ ᠫᠷᠤᠭ᠍ᠷᠠᠮ ᠪᠤᠯ ᠦᠭᠡ ᠶᠠᠷᠢᠶᠠ ᠪᠠᠷ ᠵᠠᠭᠤᠴᠢ ᠪᠤᠯᠭᠠᠭᠰᠠᠨ ᠬᠦᠮᠦᠰ ᠦᠨ ᠬᠤᠭᠤᠷᠤᠨᠳᠤᠬᠢ ᠳᠠᠮᠵᠢᠭᠤᠯᠭᠠ ᠪᠤᠯᠤᠨᠠ᠃ ᠬᠦᠲᠦᠯᠦᠭᠴᠢ ᠶᠢᠨ ᠤᠷᠢᠭᠰᠠᠨ ᠵᠤᠴᠢᠨ ᠪᠠ ᠲᠤᠬᠠᠢ ᠶᠢᠨ ᠲᠠᠯᠠᠪᠤᠷ ᠤᠨ ᠦᠵᠡᠭᠴᠢᠳ ᠲᠡᠢ ᠶᠠᠷᠢᠯᠴᠠᠬᠤ ᠤᠷᠠ ᠳᠡᠮ ᠶᠠᠷᠢᠯᠴᠠᠭᠠᠨ ᠤ ᠫᠷᠤᠭ᠍ᠷᠠᠮ ᠤᠨ ᠠᠮᠵᠢᠯᠲᠠ ᠣᠯᠬᠤ ᠡᠰᠡᠭᠦ ᠳᠦ ᠴᠢᠬᠤᠯᠠ ᠦᠢᠯᠡᠳᠦᠯ ᠦᠵᠡᠭᠦᠯᠳᠡᠭ᠃ ᠦᠭᠦᠯᠡᠯ ᠳᠦ ᠦᠪᠦᠷ ᠮᠣᠩ᠋ᠭᠤᠯ ᠤᠨ ᠮᠣᠩ᠋ᠭᠤᠯ ᠣᠳᠤᠨ ᠲᠧᠯᠧᠢᠰ ᠦᠨ ᠲᠧᠯᠧᠢᠰ ᠶᠠᠷᠢᠯᠴᠠᠭᠠᠨ ᠤ ᠫᠷᠤᠭ᠍ᠷᠠᠮ ᠤᠨ ᠬᠦᠲᠦᠯᠦᠭᠴᠢ ᠶᠢᠨ ᠶᠠᠷᠢᠯᠴᠠᠬᠤ ᠤᠷᠠ ᠳᠡᠮ ᠢ ᠵᠢᠷᠭᠤᠭᠠᠨ ᠲᠠᠯᠠ ᠠᠴᠠ ᠠᠵᠢᠭᠯᠠᠵᠤ᠂ ᠳᠠᠪᠠᠭᠤᠯᠢᠭ ᠲᠠᠯᠠ ᠳᠤᠲᠠᠭᠲᠠᠯ ᠲᠠᠢ ᠲᠠᠯᠠ ᠶᠢ ᠨᠢ ᠵᠢᠭᠠᠵᠤ ᠭᠠᠷᠭᠠᠭᠰᠠᠨ ᠪᠠᠢ᠌ᠨᠠ᠃ | 
            
            
                | 原文 | 
                
                    
                    查看原文
                    
                 | 
            
          
            | 出自 | 
            
              内蒙古社会科学(蒙文版)
              2010年
               第4期
             |