摘要 |
ᠦᠭᠦᠯᠡᠯ ᠳᠦ ᠳᠡᠭᠡᠳᠦ ᠮᠣᠩᠭᠤᠯ ᠤᠨ ᠰᠦᠮᠪᠠ ᠬᠠᠮᠪᠤ ᠢᠰᠢᠪᠠᠯᠵᠤᠷ ᠤᠨ 《ᠨᠤᠮ ᠤᠨ ᠶᠠᠪᠤᠳᠠᠯ ᠤᠨ ᠦᠴᠦᠬᠡᠨ ᠬᠤᠷᠢᠶᠠᠩᠭᠤᠢ᠂ ᠰᠠᠢᠨ ᠭᠠᠯᠪᠠ ᠶᠢᠨ ᠭᠡᠲᠦᠯᠭᠡᠬᠦ ᠮᠦᠷ ᠬᠡᠮᠡᠭᠳᠡᠬᠦ ᠣᠷᠤᠰᠢᠪᠠᠢ》 ᠭᠡᠬᠦ ᠪᠦᠲᠦᠭᠡᠯ ᠳᠤᠲᠤᠷᠠᠬᠢ ᠨᠤᠮᠯᠠᠬᠤᠢ ᠶᠢᠨ ᠲᠤᠬᠠᠢ ᠦᠭᠦᠯᠡᠯᠲᠡ ᠶᠢ ᠰᠢᠨᠵᠢᠯᠡᠵᠦ᠂ ᠲᠡᠷᠡ ᠨᠤᠮᠯᠠᠬᠤ ᠨᠤᠮ᠂ ᠨᠤᠮᠯᠠᠭᠴᠢ ᠪᠤᠳᠠᠭᠠᠯᠢ᠂ ᠰᠤᠨᠤᠰᠤᠭᠴᠢ᠂ ᠬᠡᠷᠬᠢᠨ ᠨᠤᠮᠯᠠᠬᠤ ᠶᠤᠰᠤᠨ᠂ ᠨᠤᠮᠯᠠᠬᠤ ᠶᠢ ᠰᠤᠨᠤᠰᠬᠤ ᠶᠢᠨ ᠲᠤᠰᠠ ᠡᠷᠳᠡᠮ ᠭᠡᠬᠦ ᠨᠤᠮᠯᠠᠬᠤᠢ ᠶᠢᠨ ᠲᠠᠪᠤᠨ ᠪᠦᠷᠢᠯᠳᠦᠭᠦᠨ ᠢ ᠪᠠᠭᠲᠠᠭᠠᠭᠰᠠᠨ ᠨᠤᠮᠯᠠᠬᠤᠢ ᠶᠢᠨ ᠣᠨᠣᠯ ᠤᠨ ᠰᠢᠰᠲ᠋ᠧᠮ ᠢ ᠪᠠᠢᠭᠤᠯᠤᠭᠰᠠᠨ ᠪᠦᠭᠡᠳ ᠲᠡᠭᠦᠨ ᠦ ᠠᠯᠢ ᠣᠯᠠᠨ ᠦᠪᠡᠷᠮᠢᠴᠡ ᠪᠦᠲᠦᠭᠡᠯᠴᠢ ᠦᠵᠡᠯ ᠪᠠᠷᠢᠮᠲᠠᠯᠠᠯ ᠨᠢ ᠮᠣᠩᠭᠤᠯᠴᠤᠳ ᠤᠨ ᠨᠤᠮᠯᠠᠬᠤᠢ ᠶᠢᠨ ᠣᠨᠣᠯ ᠤᠨ ᠰᠠᠭᠤᠷᠢ ᠶᠢ ᠲᠠᠯᠪᠢᠭᠰᠠᠨ ᠭᠡᠰᠡᠨ ᠦᠵᠡᠯᠲᠡ ᠳᠤᠷᠠᠳᠤᠭᠰᠠᠨ ᠪᠠᠢᠨ᠎ᠠ᠃ |