题名 |
ᠢᠨᠳᠡᠷ᠎ᠡ - 4 ᠶᠢᠨ ᠲᠠᠩ ᠤᠨ ᠪᠢᠴᠢᠬᠠᠨ ᠬᠤᠯᠤᠭᠠᠨ᠎ᠠ ᠶᠢᠨ CCL4<1sub> ᠡᠴᠡ ᠪᠤᠯᠤᠭᠰᠠᠨ ᠲᠦᠷᠭᠡᠨ ᠴᠢᠨᠠᠷᠳᠠᠢ ᠡᠯᠢᠭᠡᠨ ᠭᠡᠮᠳᠦᠯ ᠳᠤ ᠦᠵᠡᠭᠦᠯᠬᠦ ᠨᠦᠯᠦᠭᠡ |
作者 |
ᠸᠠᠩ ᠬᠤᠸᠠᠨ; ᠪᠠᠢ ᠱᠢ ᠯᠸᠢ |
关键词 |
ᠢᠨᠳᠡᠷ᠎ᠡ - 4 ᠶᠢᠨ ᠲᠠᠩ; CCL4<1sub>; ᠪᠢᠴᠢᠬᠠᠨ ᠬᠤᠯᠤᠭᠠᠨ᠎ᠠ; ᠲᠦᠷᠭᠡᠨ ᠴᠢᠨᠠᠷᠳᠠᠢ ᠡᠯᠢᠭᠡᠨ ᠭᠡᠮᠳᠦᠯ |
摘要 |
ᠮᠤᠩᠭ᠋ᠤᠯ ᠡᠮ ᠨᠠᠢ᠌ᠷᠠᠯᠭ᠎ᠠ ᠢᠨᠳᠡᠷ᠎ᠡ - 4 ᠶᠢᠨ ᠲᠠᠩ ᠤᠨ CCL4<1sub> ᠡᠴᠡ ᠪᠤᠯᠤᠭᠰᠠᠨ ᠲᠤᠷᠰᠢᠯᠳᠠ ᠶᠢᠨ ᠴᠢᠨᠠᠷᠳᠠᠢ ᠡᠯᠢᠭᠡᠨ ᠭᠡᠮᠳᠦᠯ ᠳᠤ ᠦᠵᠡᠭᠦᠯᠬᠦ ᠨᠦᠯᠦᠭᠡ ᠶᠢ ᠰᠤᠳᠤᠯᠤᠨ᠎ᠠ᠃ ᠠᠷᠭ᠎ᠠ᠄ ᠠᠮᠢᠳᠠᠨ ᠤ ᠲᠤᠷᠰᠢᠯᠳᠠ ᠪᠷ ᠲᠠᠮᠵᠢᠵᠤ CCL4<1sub> ᠪᠡᠷ ᠪᠢᠴᠢᠬᠠᠨ ᠬᠤᠯᠤᠭᠠᠨ᠎ᠠ ᠳᠤ ᠲᠦᠷᠭᠡᠨ ᠴᠢᠨᠠᠷᠳᠠᠢ ᠡᠯᠢᠭᠡᠨ ᠭᠡᠮᠳᠦᠯ ᠢ ᠡᠭᠦᠰᠭᠡᠵᠦ᠂ ᠢᠨᠳᠡᠷ᠎ᠡ - 4 ᠶᠢᠨ ᠲᠠᠩ ᠤᠨ ᠡᠯᠢᠭᠡᠨ ᠭᠡᠮᠳᠦᠯ ᠳᠤ ᠬᠠᠮᠠᠭᠠᠯᠠᠬᠤ ᠦᠢᠯᠡᠳᠦᠯ ᠪᠠᠢ᠌ᠬᠤ ᠡᠰᠡᠬᠦ ᠶᠢ ᠠᠵᠢᠭᠯᠠᠨ᠎ᠠ᠃ ᠦᠷ᠎ᠡ ᠳ᠋ᠦᠩ᠄ ᠬᠡᠪ ᠦᠯᠢᠭᠡᠷ ᠤᠨ ᠲᠤᠭᠤᠢ᠌ᠯᠠᠩ ᠪᠤᠯᠤᠨ ᠡᠷᠡᠭᠦᠯ ᠬᠠᠷᠢᠴᠠᠭᠤᠯᠬᠤ ᠲᠤᠭᠤᠢ᠌ᠯᠠᠩ ᠲᠠᠢ ᠬᠠᠷᠢᠴᠠᠭᠤᠯᠪᠠᠯ ALT ᠨᠢ ᠢᠯᠡᠳᠳᠡ ᠲᠡᠭᠡᠭ᠍ᠰᠢᠯᠡᠵᠦ᠂ CHE ᠨᠢ ᠢᠯᠡᠳᠳᠡ ᠲᠤᠭᠤᠭᠰᠢᠯᠠᠭᠰᠠᠨ ᠪᠠᠢ᠌ᠨ᠎ᠠ (ᠪᠦᠷ P<0.01);ᠡᠯ᠎ᠡ ᠡᠮ ᠦᠭᠬᠦ ᠲᠤᠭᠤᠢ᠌ᠯᠠᠩ ᠢ ᠬᠡᠪ ᠦᠯᠢᠭᠡᠷ ᠤᠨ ᠲᠤᠭᠤᠢ᠌ᠯᠠᠩ ᠲᠠᠢ ᠬᠠᠷᠢᠴᠠᠭᠤᠯᠬᠤ ᠳᠤ᠂ ᠲᠤᠮᠳᠠ ᠬᠡᠮᠵᠢᠶᠡᠨ ᠤ ᠡᠮ ᠦᠭ᠍ᠬᠦ ᠲᠤᠭᠤᠢ᠌ᠯᠠᠩ ᠪᠤᠯᠤᠨ ᠶᠡᠬᠡ ᠬᠡᠮᠵᠢᠶᠡᠨ ᠤ ᠡᠮ ᠦᠭ᠍ᠬᠦ ᠲᠤᠭᠤᠢ᠌ᠯᠠᠩ ᠨᠢ AST ᠶᠢᠨ ᠬᠡᠮᠵᠢᠶ᠎ᠡ ᠶᠢ ᠢᠯᠡᠳᠳᠡ ᠲᠤᠭᠤᠭᠰᠢᠯᠠᠭᠤᠵᠤ (P<0.05)᠃ CHE ᠶᠢᠨ ᠬᠡᠮᠵᠢᠶ᠎ᠡ ᠶᠢ ᠮᠠᠰᠢ ᠢᠯᠡᠳᠳᠡ ᠲᠤᠭᠤᠭᠰᠢᠯᠠᠭᠤᠯᠵᠤ (P<0.01)᠃ ᠪᠠᠭ᠎ᠠ ᠬᠡᠮᠵᠢᠶᠡᠨ ᠤ ᠲᠤᠭᠤᠢ᠌ᠯᠠᠩ ᠨᠢ ALT᠂ ALT ᠶᠢᠨ ᠬᠡᠮᠵᠢᠶ᠎ᠡ ᠳᠤ ᠲᠤᠭ᠎ᠠ ᠪᠦᠷᠢᠳᠭᠡᠯ ᠤᠨ ᠤᠳᠬ᠎ᠠ ᠦᠭᠡᠢ᠂ CHE ᠶᠢᠨ ᠬᠡᠮᠵᠢᠶ᠎ᠡ ᠶᠢ ᠲᠡᠭᠡᠭ᠍ᠰᠢᠯᠡᠭᠦᠯᠬᠦ ᠬᠠᠨᠳᠤᠰᠢ ᠲᠠᠢ ᠭᠡᠪᠡᠴᠦ ᠢᠯᠡᠳᠳᠡ ᠵᠦᠷᠢᠶ᠎ᠡ ᠭᠠᠷᠤᠭᠰᠠᠨ ᠦᠭᠡᠢ᠃ ᠬᠡᠪ ᠦᠯᠢᠭᠡᠷ ᠤᠨ ᠲᠤᠭᠤᠢ᠌ᠯᠠᠩ ᠪᠤᠯᠤᠨ ᠡᠷᠡᠭᠦᠯ ᠬᠠᠷᠢᠴᠠᠭᠤᠯᠬᠤ ᠲᠤᠭᠤᠢ᠌ᠯᠠᠩ ᠲᠠᠢ ᠬᠠᠷᠢᠴᠠᠭᠤᠯᠪᠠᠯ᠂ URE ᠶᠢᠨ ᠬᠡᠮᠵᠢᠶ᠎ᠡ ᠶᠢ ᠲᠤᠭᠤᠭᠰᠢᠯᠠᠭᠤᠯᠬᠤ ᠬᠠᠨᠳᠤᠰᠢ ᠲᠠᠢ ᠮᠦᠷᠳᠡᠭᠡᠨ ᠡᠯ᠎ᠡ ᠡᠮ ᠦᠭ᠍ᠬᠦ ᠲᠤᠭᠤᠢ᠌ᠯᠠᠩ ᠢ ᠠᠳᠠᠯᠢᠳᠬᠠᠬᠤ ᠳᠤ ᠮᠦᠨ ᠴᠤ ᠲᠤᠭᠤᠭᠰᠢᠯᠠᠭᠤᠯᠬᠤ ᠬᠠᠨᠳᠤᠰᠢ ᠲᠠᠢ᠃ ᠳ᠋ᠦᠩᠨᠡᠯᠳᠡ᠄ ᠮᠤᠩᠭ᠋ᠤᠯ ᠡᠮ ᠨᠠᠢ᠌ᠷᠠᠯᠭ᠎ᠠ ᠢᠨᠳᠡᠷ᠎ᠡ - 4 ᠶᠢᠨ ᠲᠠᠩ ᠨᠢ CCL4<1sub> ᠡᠴᠡ ᠪᠤᠯᠤᠭᠰᠠᠨ ᠲᠦᠷᠭᠡᠨ ᠴᠢᠨᠠᠷᠳᠠᠢ ᠡᠯᠢᠭᠡᠨ ᠭᠡᠮᠳᠦᠯ ᠳᠤ ᠵᠤᠬᠢᠬᠤ ᠬᠡᠮᠵᠢᠶᠡᠨ ᠤ ᠬᠠᠮᠠᠭᠠᠯᠠᠬᠤ ᠦᠢᠯᠡᠳᠦᠯ ᠲᠠᠢ᠂ ᠲᠤᠮᠳᠠ ᠬᠡᠮᠵᠢᠶ᠎ᠡ (12.56g/kg) ᠪᠡᠷ ᠡᠮ ᠦᠭ᠍ᠬᠦ ᠨᠢ ᠦᠢᠯᠡᠳᠦᠯ ᠶᠢᠡᠷ ᠬᠠᠮᠤᠭ ᠰᠠᠢ᠌ᠨ᠃ |
原文 |
查看原文
|
出自 |
内蒙古民族大学学报(蒙医药学)
2013年
第2期
|