摘要 |
ᠭᠠᠵᠠᠷ ᠤᠨ ᠨᠡᠷ ᠡ ᠰᠤᠳᠤᠯᠤᠯ ᠪᠤᠯ ᠭᠠᠵᠠᠷ ᠵᠦᠢ ᠶᠢᠨ ᠰᠤᠳᠤᠯᠤᠯ᠂ ᠳᠡᠦᠬᠡ ᠰᠤᠳᠤᠯᠤᠯ᠂ ᠬᠡᠯᠡ ᠰᠢᠨᠵᠢᠯᠡᠯ ᠵᠡᠷᠭᠡ ᠳᠤ ᠬᠤᠯᠪᠤᠭᠳᠠᠬᠤ ᠶᠠᠷᠦᠩᠭᠡᠢ᠌ᠯᠡᠭᠰᠡᠨ ᠴᠢᠨᠠᠷᠲᠠᠢ ᠰᠢᠨᠵᠢᠯᠡᠭᠡᠨ ᠪᠤᠯᠤᠯᠨᠠ᠃ ᠦᠭᠦᠯᠡᠯ ᠳᠤ ᠬᠡᠯᠡ ᠰᠢᠨᠵᠢᠯᠡᠯ ᠤᠨ ᠤᠨᠤᠯ ᠠᠷᠭ᠎ᠠ ᠪᠡᠷ ᠬᠤᠷᠴᠢᠨ ᠦ ᠭᠠᠵᠠᠷ ᠤᠨ ᠨᠡᠷ ᠠ ᠶᠢᠨ ᠪᠦᠳᠦᠴᠡ ᠪᠠ ᠰᠤᠶᠤᠯ ᠤᠨ ᠠᠭᠤᠯᠬᠤᠨ ᠳᠤ ᠵᠠᠳᠠᠯᠤᠯᠲᠠ ᠬᠢᠵᠦ᠂ ᠬᠤᠷᠴᠢᠨ ᠦ ᠭᠠᠵᠠᠷ ᠤᠨ ᠨᠡᠷ ᠠ ᠨᠢ ᠬᠤᠷᠴᠢᠨ ᠠᠮᠠᠨ ᠠᠶᠠᠯᠭᠤᠨ ᠦ ᠤᠨᠴᠠᠯᠢᠭ ᠢ ᠢᠯᠡᠷᠡᠭᠦᠯᠭᠦ ᠮᠦᠷᠳᠡᠭᠡᠨ ᠠᠵᠤ ᠠᠬᠤᠢ ᠶᠢᠨ ᠰᠤᠶᠤᠯ ᠤᠨ ᠤᠯᠠᠷᠢᠯ ᠰᠢᠯᠵᠢᠯ᠂ ᠦᠨᠳᠦᠰᠦᠳᠡᠨ ᠤᠭᠰᠠᠭᠠᠲᠠᠨ ᠦ ᠬᠠᠷᠢᠯᠴᠠᠭ᠎ᠠ ᠶᠠᠪᠤᠯᠴᠠᠭ᠎ᠠ᠂ ᠳᠡᠦᠬᠡ ᠶᠢᠨ ᠬᠡᠷᠡᠭ ᠶᠠᠪᠤᠳᠠᠯ᠂ ᠰᠠᠱᠢᠨ ᠰᠢᠳᠦᠯᠭᠡ ᠪᠤᠯᠤᠨ ᠰᠤᠶᠤᠯ ᠰᠡᠳᠬᠢᠬᠦᠢ ᠵᠡᠷᠭᠡ ᠶᠢᠨ ᠲᠤᠰᠬᠠᠯ ᠪᠤᠯᠬᠤ ᠬᠡᠳᠦᠨ ᠲᠠᠯ ᠠ ᠪᠡᠷ ᠦᠭᠦᠯᠡᠨ ᠲᠤᠳᠤᠷᠬᠠᠢ᠌ᠯᠠᠵᠠᠢ᠃ |