题名 |
ᠳᠠᠭᠤᠷ ᠬᠡᠯᠡᠨ ᠦ ᠪᠤᠳᠬ᠎ᠠ ᠠᠶᠠᠯᠭᠤᠨ ᠤ ᠭᠡᠢᠢ᠌ᠭᠦᠯᠦᠭᠴᠢ ᠠᠪᠢᠶᠠᠨ ᠤ ᠢᠵᠢᠯᠰᠢᠯ ᠦᠨ ᠲᠤᠬᠠᠢ ᠦᠭᠦᠯᠡᠬᠦ ᠨᠢ |
作者 |
ᠴᠡᠪᠡᠷᠬᠠᠰ |
关键词 |
ᠳᠠᠭᠤᠷ ᠬᠡᠯᠡ; ᠮᠣᠩᠭᠤᠯ ᠬᠡᠯᠡ; ᠪᠤᠳᠬ᠎ᠠ ᠠᠶᠠᠯᠭᠤ; ᠭᠡᠢᠢᠭᠦᠯᠦᠭᠴᠢ ᠠᠪᠢᠶᠠᠨ ᠤ ᠢᠵᠢᠯᠰᠢᠯ |
摘要 |
ᠳᠠᠭᠤ ᠬᠡᠯᠡᠨ ᠦ ᠪᠤᠳᠬ᠎ᠠ ᠠᠶᠠᠯᠭᠤᠨ ᠤ ᠭᠡᠢ᠌ᠭᠦᠯᠦᠭᠴᠢ ᠠᠪᠢᠶᠠᠨ ᠤ ᠢᠵᠢᠯᠰᠢᠯ ᠦᠨ ᠪᠠᠢ᠌ᠳᠠᠯ ᠨᠢ ᠮᠣᠩ᠋ᠭᠤᠯ ᠬᠡᠯᠡ ᠪᠡ ᠳᠠᠭᠤᠷ ᠬᠡᠯᠨ ᠦ ᠨᠢᠭᠡ ᠪᠦᠯᠦᠭ ᠢᠵᠢᠯᠢ ᠭᠠᠷᠤᠯ ᠲᠠᠢ ᠦᠭᠡ ᠲᠡᠢ ᠬᠤᠯᠪᠤᠭᠳᠠᠵᠤ ᠪᠠᠢ᠌ᠬᠤ ᠪᠠᠷ ᠦᠯᠦ ᠪᠠᠷᠠᠨ᠂ ᠳᠠᠭᠤᠷ ᠬᠡᠯᠡᠨ ᠦ ᠤᠤᠭᠠᠯ ᠦᠭᠡ᠂ ᠮᠠᠨᠵᠤ ᠵᠢᠭᠡᠯᠡᠭᠡ ᠦᠭᠡ ᠲᠡᠢ ᠴᠦ ᠬᠤᠯᠪᠤᠭᠳᠠᠨ᠎ᠠ᠃ ᠡᠭᠦᠨ ᠳᠦ ᠤᠬᠤᠷᠢᠨ᠂ ᠵᠢᠷᠢᠮᠳᠤᠭ ᠢᠵᠢᠯᠢᠰᠢᠬᠦ ᠦᠵᠡᠭᠳᠡᠯ ᠴᠦᠬᠡᠨ ᠲᠤᠬᠢᠶᠠᠯᠳᠤᠵᠤ᠂ ᠳᠡᠪᠰᠢᠨ᠂ ᠪᠦᠷᠢᠨ ᠢᠵᠢᠯᠢᠰᠢᠬᠦ ᠦᠵᠡᠭᠳᠡᠯ ᠵᠤᠩᠭᠢᠯᠠᠬᠤ ᠲᠤᠭ᠎ᠠ ᠶᠢ ᠡᠵᠡᠯᠡᠵᠦ ᠪᠤᠢ᠃ ᠳᠠᠭᠤᠷ ᠬᠡᠯᠡᠨ ᠦ ᠪᠤᠳᠬ᠎ᠠ ᠠᠶᠠᠯᠭᠤᠨ ᠳᠠᠬᠢ ᠭᠡᠢ᠌ᠭᠦᠯᠦᠭᠴᠢ ᠠᠪᠢᠶᠠᠨ ᠤ ᠢᠵᠢᠯᠢᠰᠢᠯ ᠡᠭᠦᠰᠦᠭᠰᠡᠨ ᠦᠭᠡᠰ ᠢ ᠬᠠᠢ᠌ᠯᠠᠷ ᠠᠶᠠᠯᠭᠤᠨ ᠳᠠᠬᠢ ᠡᠭᠦᠨ ᠯᠦᠭᠡ ᠲᠤᠬᠢᠷᠠᠯᠴᠠᠬᠤ ᠦᠭᠡᠰ ᠲᠡᠢ ᠬᠠᠷᠢᠴᠠᠭᠤᠯᠤᠨ ᠰᠢᠨᠵᠢᠪᠡᠯ ᠪᠤᠳᠬ᠎ᠠ ᠠᠶᠠᠯᠭᠤᠨ ᠳᠤ ᠬᠤᠪᠢᠷᠠᠯ ᠡᠭᠦᠰᠦᠭᠰᠡᠨ ᠣᠯᠠᠩ᠋ᠭᠢ ᠦᠭᠡ ᠨᠢ ᠳᠠᠭᠤᠷ ᠬᠡᠯᠡᠨ ᠦ ᠬᠠᠢ᠌ᠯᠠᠷ ᠠᠶᠠᠯᠭᠤᠨ ᠳᠤ ᠶᠡᠬᠡ ᠲᠦᠯᠦᠪ ᠬᠤᠪᠢᠷᠠᠯᠲᠠ ᠦᠭᠡᠢ᠂ ᠤᠤᠯ ᠬᠡᠯᠪᠡᠷᠢ ᠡᠨ ᠬᠠᠳᠠᠭᠠᠯᠠᠭᠰᠠᠭᠠᠷ ᠪᠠᠢ᠌ᠭ᠎ᠠ ᠶᠤᠮ᠃ ᠡᠨᠡ ᠨᠢ ᠡᠳᠡᠭᠡᠷ ᠦᠭᠡᠰ ᠦᠨ ᠭᠠᠷᠤᠯ ᠢ ᠲᠤᠳᠤᠯᠠᠬᠤ ᠳᠤ ᠶᠡᠬᠡᠬᠡᠨ ᠲᠤᠰᠠᠲᠠᠢ ᠶᠤᠮ᠃ |
原文 |
查看原文
|
出自 |
中国蒙古学
2013年
第6期
|