摘要 |
ᠦᠭᠦᠯᠡᠪᠦᠷᠢ ᠶᠢ ᠬᠡᠯᠪᠡᠷᠢ ᠪᠦᠲᠦᠴᠡ ᠶᠢᠨ ᠲᠠᠯ᠎ᠠ ᠠᠴᠠ ᠦᠭᠦᠯᠡᠭᠳᠡᠭᠦᠨ᠂ ᠦᠭᠦᠯᠡᠭᠦᠨ᠂ ᠲᠤᠰᠤᠭᠳᠠᠬᠤᠨ ᠭᠡᠬᠦ ᠮᠡᠳᠦᠴᠢᠯᠡᠨ ᠬᠡᠰᠢᠭᠦᠳᠯᠡᠨ ᠲᠤᠳᠤᠷᠬᠠᠢ᠌ᠯᠠᠳᠠᠭ ᠲᠠᠢ ᠠᠳᠠᠯᠢ ᠪᠠᠷ᠂ ᠤᠳᠬ᠎ᠠ ᠪᠦᠲᠦᠴᠡ ᠶᠢᠨ ᠲᠠᠯ᠎ᠠ ᠠᠴᠠ ᠨᠢ ᠰᠦᠪᠶᠧᠺᠲ᠋ (SUBJEKT)᠂ ᠦᠭᠦᠯᠡᠭᠦᠢ ᠰᠢᠨᠵᠢ (PREDICATE)᠂ ᠤᠪᠶᠧᠺᠲ᠋ (OB-JEKT) ᠬᠡᠮᠡᠨ ᠵᠠᠳᠠᠯᠵᠤ ᠲᠤᠳᠤᠷᠬᠠᠢ᠌ᠯᠠᠵᠤ ᠪᠤᠯᠳᠠᠭ᠃ ᠰᠦᠪᠶᠧᠺᠲ᠋ ᠦᠨ ᠠᠢ ᠪᠤᠯ ᠦᠭᠦᠯᠡᠪᠦᠷᠢ ᠶᠢᠨ ᠤᠳᠬ᠎ᠠ ᠪᠦᠲᠦᠴᠡ ᠶᠢᠨ ᠠᠢ ᠳᠤᠲᠤᠷᠠᠬᠢ ᠴᠦᠮ᠎ᠡ ᠠᠢ ᠶᠢᠨ ᠬᠢᠨᠢ ᠨᠢᠭᠡ ᠪᠤᠯᠤᠨ᠎ᠠ᠃ ᠰᠦᠪᠶᠧᠺᠲ᠋ ᠪᠤᠯ ᠦᠭᠦᠯᠡᠪᠦᠷᠢ ᠶᠢᠨ ᠦᠭᠦᠯᠡᠭᠦᠢ ᠰᠢᠨᠵᠢ ᠶᠢ ᠬᠠᠳᠠᠭᠠᠯᠠᠭᠴᠢ᠂ ᠦᠢᠯᠡ ᠶᠢ ᠡᠭᠦᠰᠭᠡᠭ᠍ᠴᠢ᠂ ᠰᠢᠨᠵᠢ ᠪᠠᠢ᠌ᠳᠠᠯ ᠢ ᠠᠭᠤᠯᠤᠭᠴᠢ ᠪᠤᠯᠤᠨ᠎ᠠ᠃ ᠲᠤᠰ ᠦᠭᠦᠯᠡᠯ ᠳᠦ ᠰᠦᠪᠶᠧᠺᠲ᠋ ᠢ ᠲᠡᠭᠦᠨ ᠦ ᠤᠳᠬ᠎ᠠ ᠶᠢᠨ ᠰᠢᠨᠵᠢ ᠪᠤᠯᠤᠨ ᠦᠭᠦᠯᠡᠭᠦᠢ ᠰᠢᠨᠵᠢ ᠲᠡᠢ ᠬᠤᠯᠪᠤᠭᠳᠠᠬᠤ ᠲᠠᠯ᠎ᠠ ᠠᠴᠠ ᠨᠢ ᠬᠡᠳᠦᠨ ᠵᠤᠢ᠌ᠯ ᠳᠤ ᠬᠤᠪᠢᠶᠠᠵᠤ ᠠᠭᠤᠯᠭ᠎ᠠ ᠠᠴᠠ ᠬᠡᠯᠪᠡᠷᠢ ᠳᠦ ᠰᠢᠯᠵᠢᠬᠦ ᠪᠠᠢ᠌ᠳᠠᠯ ᠢᠶᠠᠷ ᠮᠣᠩ᠋ᠭᠤᠯ ᠬᠡᠯᠡᠨ ᠳᠦ ᠶᠠᠮᠠᠷ ᠤᠳᠬ᠎ᠠ ᠲᠠᠢ ᠰᠦᠪᠶᠧᠺᠲ᠋ ᠶᠠᠭᠠᠬᠢᠵᠤ ᠢᠯᠡᠷᠡᠵᠦ ᠪᠠᠢ᠌ᠭ᠎ᠠ ᠶᠢ ᠠᠵᠢᠭᠯᠠᠨ ᠰᠢᠨᠵᠢᠯᠡᠭᠰᠡᠨ ᠪᠠᠢ᠌ᠨ᠎ᠠ᠃ |