题名 |
ᠦᠪᠦᠷ ᠮᠣᠩᠭᠤᠯ ᠣᠷᠤᠨ ᠤ ᠮᠣᠩᠭᠤᠯ ᠢᠶᠠᠷ ᠬᠢᠴᠢᠶᠡᠯᠯᠡᠵᠦ ᠪᠠᠢᠭ᠎ᠠ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠲᠠᠪᠤᠨ ᠬᠤᠰᠢᠭᠤ ᠮᠠᠯ ᠤᠨ ᠵᠠᠷᠢᠮ ᠨᠡᠷᠡᠢᠳᠦᠯ ᠦᠨ ᠲᠤᠬᠠᠢ ᠬᠢᠭᠰᠡᠨ ᠪᠠᠢᠴᠠᠭᠠᠯᠲᠠ — ᠦᠪᠦᠷ ᠮᠣᠩᠭᠤᠯ ᠣᠷᠤᠨ ᠤ ᠬᠦᠳᠡᠭᠡ ᠲᠤᠰᠬᠤᠨ ᠤ ᠬᠤᠲᠠ ᠪᠠᠯᠭᠠᠰᠤᠵᠢᠯᠲᠠ ᠶᠢᠨ ᠠᠰᠠᠭᠤᠳᠠᠯ ᠢ ᠳᠠᠭᠠᠬᠤ ᠳᠤ ᠨᠢ ᠦᠭᠦᠯᠡᠬᠦ ᠨᠢ |
作者 |
ᠲᠦᠮᠡᠨᠵᠢᠷᠭᠠᠯ |
关键词 |
ᠲᠠᠪᠤᠨ ᠬᠤᠰᠢᠭᠤ ᠮᠠᠯ ᠤᠨ ᠨᠡᠷᠡᠢᠳᠦᠯ; ᠮᠣᠩᠭᠤᠯ ᠳᠤᠮᠳᠠᠳᠤ ᠪᠠᠭ᠎ᠠ ᠰᠤᠷᠭᠠᠭᠤᠯᠢ; ᠬᠦᠳᠡᠭᠡ ᠲᠤᠰᠬᠤᠨ ᠤ ᠬᠤᠲᠠ ᠪᠠᠯᠭᠠᠰᠤᠵᠢᠯᠲᠠ |
摘要 |
ᠦᠭᠦᠯᠡᠯ ᠳᠦ ᠦᠪᠦᠷ ᠮᠣᠩᠭᠤᠯ ᠣᠷᠤᠨ ᠤ 8 ᠬᠤᠰᠢᠭᠤᠨ ᠤ ᠮᠣᠩᠭᠤᠯ ᠢᠶᠠᠷ ᠬᠢᠴᠢᠶᠡᠯᠯᠡᠵᠦ ᠪᠠᠢᠭ᠎ᠠ ᠳᠤᠮᠳᠠᠳᠤ ᠪᠠᠭ᠎ᠠ ᠰᠤᠷᠭᠠᠭᠤᠯᠢ ᠶᠢᠨ 3200 ᠭᠠᠷᠤᠢ ᠰᠤᠷᠤᠭᠴᠢᠳ ᠢᠶᠠᠷ ᠮᠣᠩᠭᠤᠯ ᠬᠡᠯᠡᠨ ᠦ 《ᠪᠤᠬ᠎ᠠ᠂ ᠬᠤᠴᠠ᠂ ᠤᠬᠤᠨ᠎ᠠ᠂ ᠪᠢᠷᠠᠭᠤ᠂ ᠳᠠᠭ᠎ᠠ᠂ ᠦᠨᠢᠶ᠎ᠡ᠂ ᠪᠤᠤᠷ᠎ᠠ᠂ ᠦᠷᠢᠶ᠎ᠡ᠂ ᠢᠩᠭᠡ᠂ ᠭᠡᠬᠦᠦ》 ᠵᠡᠷᠭᠡ ᠠᠷᠪᠠᠨ ᠨᠡᠷᠡᠢᠳᠦᠯ ᠦᠨ ᠲᠠᠪᠤᠨ ᠬᠤᠰᠢᠭᠤ ᠮᠠᠯ ᠤᠨ ᠬᠠᠷᠢᠶᠠᠯᠠᠯ ᠢ ᠰᠤᠩᠭᠤᠭᠤᠯᠤᠭᠰᠠᠨ ᠰᠠᠭᠤᠷᠢᠨ ᠳᠡᠭᠡᠷ᠎ᠡ᠂ ᠪᠠᠢᠴᠠᠭᠠᠯᠲᠠ ᠶᠢᠨ ᠳ᠋ᠦᠩ ᠢᠶᠡᠨ ᠵᠠᠳᠠᠯᠤᠨ ᠰᠢᠨᠵᠢᠯᠡᠵᠦ ᠦᠪᠦᠷ ᠮᠣᠩᠭᠤᠯ ᠣᠷᠤᠨ ᠤ ᠮᠣᠩᠭᠤᠯ ᠬᠡᠯᠡ ᠰᠤᠶᠤᠯ ᠤᠨ ᠣᠷᠴᠢᠨ ᠬᠦᠨᠳᠦ ᠨᠤᠴᠢᠲᠠᠢ ᠠᠯᠳᠠᠭᠳᠠᠵᠤ ᠪᠠᠢᠭ᠎ᠠ ᠪᠦᠭᠡᠳ ᠮᠣᠩᠭᠤᠯ ᠬᠡᠯᠡᠨ ᠦ ᠬᠡᠷᠡᠭᠯᠡᠭᠡᠨ ᠡᠳᠦᠷ ᠢᠷᠡᠬᠦᠶ᠎ᠡ ᠢᠪᠴᠤᠷᠠᠵᠤ ᠪᠠᠢᠭ᠎ᠠ ᠭᠡᠵᠦ ᠦᠵᠡᠵᠡᠢ᠃ ᠮᠦᠨ ᠡᠨᠡ ᠬᠦ ᠪᠠᠢᠳᠠᠯ ᠤᠨ ᠪᠤᠢ ᠪᠤᠯᠤᠭᠰᠠᠨ ᠰᠢᠯᠲᠠᠭᠠᠨ ᠵᠢᠴᠢ ᠬᠦᠳᠡᠭᠡ ᠲᠤᠰᠬᠤᠨ ᠤ ᠬᠤᠲᠠ ᠪᠠᠯᠭᠠᠰᠤᠵᠢᠯᠲᠠ ᠶᠢᠨ ᠲᠦᠷᠦ ᠶᠢᠨ ᠪᠤᠳᠤᠯᠭ᠎ᠠ ᠶᠢ ᠦᠪᠦᠷ ᠮᠣᠩᠭᠤᠯ ᠣᠷᠤᠨ ᠳᠤ ᠬᠡᠷᠡᠭᠯᠡᠬᠦ ᠡᠰᠡᠭᠦ᠂ ᠬᠡᠷᠡᠭᠯᠡᠪᠡᠯ ᠬᠡᠷᠬᠢᠨ ᠦᠪᠡᠷ ᠦᠨ ᠣᠷᠤᠨ ᠨᠤᠲᠤᠭ᠂ ᠦᠨᠳᠦᠰᠦᠲᠡᠨ ᠦ ᠪᠡᠨ ᠬᠡᠯᠡ ᠰᠤᠶᠤᠯ ᠤᠨ ᠢᠦᠶᠠᠨ ᠪᠤᠳᠠᠲᠤ ᠪᠠᠢᠳᠠᠯ ᠲᠠᠢ ᠤᠶᠠᠯᠳᠤᠭᠤᠯᠤᠨ ᠠᠪᠴᠤ ᠬᠡᠷᠡᠭᠯᠡᠬᠦ ᠲᠤᠬᠠᠢ ᠦᠪᠡᠷ ᠦᠨ ᠦᠵᠡᠯᠲᠡ ᠪᠡᠨ ᠳᠤᠷᠠᠳᠤᠭᠰᠠᠨ ᠪᠠᠢᠨ᠎ᠠ᠃ |
原文 |
没有原文
|
出自 |
内蒙古大学学报
2014年
第6期
|