题名 |
ᠳᠤᠮᠳᠠᠳᠤ ᠤᠯᠤᠰ ᠤᠨ ᠡᠷᠲᠡᠨ ᠦ ᠮᠣᠩᠭᠤᠯ ᠰᠤᠷᠪᠤᠯᠵᠢ ᠪᠢᠴᠢᠭ᠌ ᠦᠨ ᠭᠠᠷᠴᠠᠭ ᠢ ᠨᠠᠢ᠌ᠢᠷᠠᠭᠤᠯᠤᠨ ᠬᠡᠪᠯᠡᠭᠦᠯᠦᠭᠰᠨ ᠠᠵᠢᠯ ᠵᠢᠴᠢ ᠲᠡᠭᠦᠨ ᠦ ᠲᠡᠦᠬᠡᠨ ᠠᠴᠢ ᠬᠤᠯᠪᠤᠭᠳᠠᠯ |
作者 |
ᠳᠡᠯᠭᠡᠷ |
关键词 |
ᠲᠡᠦᠬᠡᠨ ᠱᠠᠭᠠᠷᠳᠠᠯᠭ᠎ᠠ; ᠪᠠᠢ᠌ᠢᠴᠠᠭᠠᠨ ᠰᠤᠳᠤᠯᠤᠯᠲᠠ; ᠲᠤᠭ᠎ᠠ ᠪᠠᠷᠢᠮᠲᠠ; ᠭᠦᠢᠴᠡᠳᠭᠡᠭ᠍ᠰᠡᠨ ᠠᠵᠢᠯ; ᠪᠦᠲᠦᠭᠡᠯ ᠦᠨ ᠲᠠᠨᠢᠯᠴᠠᠭᠤᠯᠭ᠎ᠠ; ᠦᠨᠡᠯᠡᠯᠲᠡ |
摘要 |
ᠲᠤᠰ ᠦᠭᠦᠯᠡᠯ ᠳᠦ ᠡᠷᠲᠡᠨ ᠦ ᠮᠣᠩᠭᠤᠯ ᠰᠤᠷᠪᠤᠯᠵᠢ ᠪᠢᠴᠢᠭ᠌ ᠦᠨ ᠭᠠᠷᠴᠠᠭ ᠢ ᠨᠠᠢ᠌ᠷᠠᠭᠤᠯᠤᠨ ᠬᠡᠪᠯᠡᠭᠦᠯᠬᠦ ᠶᠢᠨ ᠪᠠᠴᠢᠮ ᠱᠠᠭᠠᠷᠳᠠᠯᠭ᠎ᠠ ᠪᠤᠯᠤᠨ ᠲᠡᠦᠬᠡᠨ ᠠᠴᠢ ᠬᠤᠯᠪᠤᠭᠳᠠᠯ᠂ ᠪᠦᠬᠦ ᠤᠯᠤᠰ ᠤᠨ ᠬᠡᠪᠴᠢᠶᠡᠨ ᠳᠦ ᠬᠠᠳᠠᠭᠠᠯᠠᠭᠳᠠᠵᠤ ᠪᠠᠢ᠌ᠭ᠎ᠠ ᠡᠷᠲᠡᠨ ᠦ ᠮᠣᠩ᠋ᠭᠤᠯ ᠨᠤᠮ ᠪᠢᠴᠢᠭ᠌ ᠲᠦ ᠪᠠᠢ᠌ᠴᠠᠭᠠᠨ ᠰᠤᠳᠤᠯᠤᠯᠲᠠ ᠬᠢᠭ᠍ᠰᠡᠨ ᠪᠠ ᠵᠤᠷᠪᠤᠰᠴᠢᠯᠠᠨ ᠨᠠᠢ᠌ᠷᠠᠭᠤᠯᠤᠭᠰᠠᠨ ᠪᠤᠳᠠᠲᠠᠢ ᠲᠤᠭ᠎ᠠ ᠪᠠᠷᠢᠮᠲᠠ᠂ ᠤᠳᠤᠷᠢᠳᠬᠤ ᠳᠤᠭᠤᠢ᠌ᠯᠠᠩ ᠪᠠ ᠪᠠᠢᠩ᠋ᠭᠤ ᠶᠢᠨ ᠨᠠᠢ᠌ᠷᠠᠭᠤᠯᠬᠤ ᠵᠦᠪᠯᠡᠯ ᠦᠨ ᠭᠡᠰᠢᠭᠦᠨ ᠪᠤᠯᠤᠨ ᠵᠦᠪᠯᠡᠭᠴᠢ ᠶᠢᠨ ᠳᠤᠭᠤᠢ᠌ᠯᠠᠩ ᠤᠨ ᠪᠤᠳᠠᠲᠠᠢ ᠭᠦᠢᠴᠡᠳᠭᠡᠭ᠍ᠰᠡᠨ ᠠᠵᠢᠯ ᠤᠨ ᠪᠠᠢ᠌ᠳᠠᠯ᠂ ᠲᠤᠰ ᠡᠷᠳᠡᠮ ᠰᠢᠨᠵᠢᠯᠡᠭᠡᠨ ᠦ ᠰᠡᠳᠦᠪ ᠦᠨ ᠦᠷ᠎ᠡ ᠪᠦᠲᠦᠭᠡᠯ 《ᠳᠤᠮᠳᠠᠳᠤ ᠤᠯᠤᠰ ᠤᠨ ᠡᠷᠲᠡᠨ ᠦ ᠮᠣᠩ᠋ᠭᠤᠯ ᠨᠤᠮ ᠪᠢᠴᠢᠭ᠌ ᠦᠨ ᠶᠡᠷᠦᠩᠬᠡᠢ ᠭᠠᠷᠴᠠᠭ》ᠪᠤᠯᠤᠨ 《ᠮᠣᠩ᠋ᠭᠤᠯ ᠭᠠᠨᠵᠤᠤᠷ ᠳ᠋ᠠᠨᠵᠤᠤᠷ ᠤᠨ ᠭᠠᠷᠴᠠᠭ》ᠵᠡᠷᠭᠡ ᠬᠤᠶᠠᠷ ᠪᠦᠲᠦᠭᠡᠯ ᠢ ᠲᠠᠨᠢᠯᠴᠠᠭᠤᠯᠤᠨ ᠦᠭᠦᠯᠡᠵᠦ᠂ ᠱᠠᠩᠨᠠᠯ ᠬᠦᠷᠲᠡᠭᠰᠡᠨ ᠪᠠᠢ᠌ᠳᠠᠯ ᠵᠢᠴᠢ ᠲᠡᠭᠦᠨ ᠦ ᠡᠷᠳᠡᠮ ᠰᠢᠨᠵᠢᠯᠡᠭᠡᠨ ᠦ ᠦᠨ᠎ᠡ ᠦᠷᠲᠡᠭ ᠢ ᠵᠢᠱᠢᠨ ᠦᠨᠡᠯᠡᠵᠡᠢ᠃ |
原文 |
查看原文
|
出自 |
内蒙古社会科学(蒙文版)
2004年
第4期
|