论文信息


题名 ᠭᠠᠩᠨᠠᠭᠤᠷ ᠡᠪᠡᠰᠦᠨ ᠡᠴᠡ ᠳᠡᠭᠳᠡᠮᠡᠬᠡᠢ ᠲᠣᠰᠤ ᠵᠢ ᠭᠠᠷᠭᠠᠨ ᠠᠪᠬᠤ ᠪᠠ ᠲᠡᠭᠦᠨ ᠤ ᠬᠢᠮᠢ ᠵᠢᠨ ᠪᠦᠷᠢᠯᠳᠦᠭᠦᠨ ᠢ ᠰᠣᠳᠤᠯᠬᠤ
作者 ᠬᠠᠢ ᠫᠢᠩ ᠪᠣᠣ ᠢᠦᠢ ᠯᠢᠶᠠᠨ
关键词 ᠭᠠᠩᠨᠠᠭᠤᠷ ᠡᠪᠡᠰᠦ; ᠳᠡᠭᠳᠡᠮᠡᠬᠡᠢ ᠲᠣᠰᠤ; ᠤᠰᠤᠨ ᠠᠭᠤᠷ ᠵᠢᠡᠷ ᠨᠡᠷᠡᠬᠦ ᠠᠷᠭ᠋ ᠠ;
摘要 ᠭᠠᠩᠨᠠᠭᠤᠷ ᠡᠪᠡᠰᠦ ᠪᠡᠷ ᠲᠣᠷᠰᠢᠯᠲᠠ ᠵᠢᠨ ᠮᠠᠲ᠋ᠧᠷᠢᠶᠠᠯ ᠪᠣᠯᠭᠠᠵᠤ᠂ ᠤᠰᠤᠨ ᠠᠭᠤᠷ ᠵᠢᠡᠷ ᠨᠡᠷᠡᠬᠦ ᠠᠷᠭ᠋ ᠠ ᠵᠢ ᠠᠰᠢᠭᠯᠠᠨ ᠳᠡᠭᠳᠡᠮᠡᠬᠡᠢ ᠲᠣᠰᠤ ᠵᠢ ᠭᠠᠷᠭᠠᠨ ᠠᠪᠴᠦ᠂ ᠳᠠᠷᠠᠭ᠋ ᠠ ᠳᠤᠨᠢ ᠡᠾᠸᠺᠠᠰᠠᠨ ᠵᠢᠡᠷ ᠭᠤᠷᠪᠠ ᠤᠳᠠᠭ᠋ ᠠ ᠴᠣᠬᠤᠯᠠᠭᠤᠯᠵᠤ᠂ ᠳᠠᠬᠢᠨ ᠴᠣᠬᠤᠯᠠᠭᠤᠯᠤᠭᠰᠠᠨ ᠰᠢᠩᠭᠡᠨ ᠵᠢᠡᠨ ᠤᠰᠤᠭᠦᠢ ᠬᠦᠬᠦᠷ ᠬᠦᠴᠢᠯ ᠤᠨ ᠨᠠᠲ᠋ᠷᠢ ᠪᠡᠷ ᠬᠠᠲᠠᠭᠠᠨ᠌ ᠠ᠃ ᠡᠭᠦᠨ ᠳᠤ ᠬᠡᠢ ᠲᠦᠯᠦᠪᠲᠦ ᠦᠩᠭᠡᠲᠦ — ᠮᠠᠰ ᠤᠨ ᠵᠢᠭ‍ᠰᠠᠯ ᠤᠨ ᠤᠭᠰᠠᠷᠠᠨ ᠬᠡᠷᠡᠭᠯᠡᠬᠦ ᠮᠡᠷᠭᠡᠵᠢᠯ ᠢ ᠠᠰᠢᠭᠯᠠᠵᠤ᠂ ᠭᠠᠩᠨᠠᠭᠤᠷ ᠡᠪᠡᠰᠦ ᠳᠡᠬᠢ ᠳᠡᠭᠳᠡᠮᠡᠬᠡᠢ ᠲᠣᠰᠤᠨ ᠤ ᠬᠢᠮᠢ ᠵᠢᠨ ᠪᠦᠷᠢᠯᠳᠦᠭᠦᠨ ᠢ ᠰᠣᠳᠤᠯᠵᠤ᠂ ᠨᠡᠶᠢᠲᠡ 61 ᠵᠦᠢᠯ ᠤᠨ ᠣᠷᠬᠢᠯ ᠢ ᠬᠡᠮᠵᠢᠨ ᠣᠯᠵᠤ᠂ ᠲᠡᠭᠦᠨ ᠤ ᠳᠣᠲᠤᠷᠠᠬᠢ 26 ᠵᠦᠢᠯ ᠤᠨ ᠬᠢᠮᠢ ᠵᠢᠨ ᠪᠦᠷᠢᠯᠳᠦᠭᠦᠨ ᠢ ᠠᠩᠭ ᠠ ᠠᠯᠬᠤᠮ ᠬᠢᠨᠠᠨ ᠲᠣᠭᠲᠠᠭᠠᠵᠤ᠂ ᠡᠨᠡ ᠨᠢ ᠪᠦᠬᠦ ᠣᠷᠬᠢᠯ ᠤᠨ ᠲᠠᠯᠠᠪᠠᠢ ᠵᠢᠨ 84.97% ᠵᠢ ᠡᠵᠡᠯᠡᠪᠡ᠃ ᠭᠠᠩᠨᠠᠭᠤᠷ ᠡᠪᠡᠰᠦᠨ ᠳᠣᠲᠤᠷᠠᠬᠢ ᠭᠣᠣᠯ ᠪᠦᠷᠢᠯᠳᠦᠭᠦᠨ ᠨᠢ ᠣᠩᠨᠠᠫᠦ᠋ ᠲᠦᠸᠸ ᠵᠢᠨ ᠬᠠᠷᠢᠴᠠᠩᠭ᠋ᠤᠢ ᠵᠠᠭᠤᠨ ᠤ ᠬᠣᠪᠢ ᠵᠢᠨ ᠠᠭᠤᠯᠤᠭᠳᠠᠴᠠ ᠨᠢ ᠬᠠᠮᠤᠭ ᠡᠴᠡ ᠦᠨᠳᠦᠠᠷ᠂ ᠳᠠᠷᠤᠢ 26.61% ᠵᠢ ᠡᠵᠡᠯᠡᠵᠦ᠂ ᠳᠠᠷᠠᠭᠠᠯᠠᠪᠠᠯ (IS)-1,7,7 ᠭᠤᠷᠪᠠᠨ ᠮᠸᠲ᠋ᠢᠯ-ᠬᠣᠣᠰ ᠴᠠᠭᠠᠷᠢᠭ (2.2.1) ᠡᠾᠸᠫᠲ᠋ᠠᠨ -2-ᠺᠸᠲ᠋ᠤᠨ (19.65%) ᠪᠣᠯᠤᠨ᠌ ᠠ᠃ ᠡᠭᠦᠨ ᠡᠴᠡ ᠭᠠᠳᠠᠨ᠌ ᠠ ᠪᠠᠰᠠ (R)-4-ᠮᠸᠲ᠋ᠢᠯ ᠡᠲ᠋ᠢᠯᠲᠦ)-3-ᠴᠠᠭᠠᠷᠢᠭ ᠡᠾᠸᠺᠰᠸᠨ -1- ᠠᠯᠺᠦᠦᠯ (4.62%)᠂3.7-ᠬᠣᠶᠠᠷ ᠮᠸᠲ᠋ᠢᠯ -1.6- ᠬᠣᠶᠠᠷᠴᠢ ᠣᠺᠲ᠋ᠸᠨ -3-ᠠᠯᠺᠦᠦᠯ (3.62%)᠂ 2- ᠹᠦᠷᠠᠨ ᠮᠸᠲ᠋ᠢᠯ ᠠᠯᠺᠦᠦᠯ (2.84%)᠂2᠂4᠂6-ᠭᠤᠷᠪᠠᠨ ᠮᠸᠲ᠋ᠢᠯ -3-ᠴᠠᠭᠠᠷᠢᠭ ᠡᠾᠸᠺᠰᠠᠨ -1-ᠮᠸᠲ᠋ᠠ ᠠᠯᠳ᠋ᠸᠬᠢᠳ᠋ (2.58%) ᠵᠡᠷᠭᠡ ᠪᠣᠢ᠃
原文 查看原文
出自 内蒙古民族大学学报(自然科学) 2006年 第2期

联系我们


内蒙古大学图书馆
呼和浩特市大学西路235号
中国·内蒙古
P: (0471) 4992561
E: huangfeilong@imu.edu.cn