摘要 |
ᠦᠭᠦᠯᠡᠯ ᠳᠤ 《ᠨᠠᠷᠠ》ᠬᠡᠭᠦ ᠰᠠᠨᠠᠭ᠎ᠠ ᠲᠦᠷᠢ᠂ ᠡᠷᠳᠡᠨ ᠡᠴᠡ ᠠᠪᠤᠭᠠᠳ ᠮᠣᠩᠭᠣᠯ ᠰᠢᠯᠦᠭ ᠳᠠᠭᠤᠤ ᠳᠤ ᠮᠠᠰᠢ ᠢᠳᠡᠪᠬᠢᠲᠠᠢ ᠬᠡᠷᠡᠭᠯᠡᠭᠳᠡᠵᠦ ᠪᠠᠢ᠌ᠭᠰᠠᠨ ᠳᠡᠦᠬᠡᠨ ᠤᠪᠠᠯᠭᠠ ᠶᠢ ᠪᠤᠳᠠᠲᠠᠢ ᠵᠢᠱᠢᠶᠠᠰ ᠶᠢᠨᠷ ᠳᠠᠳᠠᠯᠠᠨ ᠭᠠᠷᠭᠠᠵᠤ᠂ ᠢᠯᠡᠩᠭ᠋ᠤᠶ ᠠ ᠴᠠᠭ ᠲᠦᠷᠦ ᠶᠢᠨ ᠰᠤᠯᠢᠭᠳᠠᠯ ᠪᠠ ᠨᠡᠢ᠌ᠭᠡᠮ ᠤᠨ ᠤᠯᠠᠷᠢᠯ ᠢ ᠳᠠᠭᠠᠵᠤ᠂ ᠮᠣᠩᠭ᠋ᠣᠯᠴᠤᠳ ᠤᠨ ᠦᠵᠡᠯ ᠪᠤᠳᠤᠯ᠂ ᠭᠤᠦ ᠠ ᠰᠠᠢ᠌ᠬᠠᠨ ᠳᠤ ᠳᠠᠰᠤᠷᠠᠯᠲᠠ ᠦᠬᠡᠢ ᠬᠤᠪᠢᠷᠠᠯᠳᠠ ᠭᠠᠷᠴᠤ 《ᠨᠠᠷᠠ》ᠶ᠋ᠢ ᠶᠠᠩᠵᠤ ᠪᠦᠷᠢ ᠶᠢᠨ ᠪᠡᠯᠬᠡᠳᠡᠯ ᠲᠦᠷᠢ ᠪᠤᠯᠭᠠᠵᠤ ᠢᠷᠡᠭᠰᠡᠨ ᠦ ᠰᠤᠶᠤᠯ ᠤᠬᠠᠮᠰᠠᠷ ᠢ ᠨᠡᠷᠡᠨ ᠦ ᠰᠢᠳᠦᠯᠭᠡ᠂ ᠭᠠᠯ ᠰᠢᠳᠦᠯᠭᠡ᠂ ᠳᠡᠭᠡᠳᠤᠰ ᠤᠨ ᠰᠢᠳᠦᠯᠭᠡ᠂ ᠭᠡᠭᠡᠨ ᠪᠤᠭᠳᠠ ᠶᠢᠨ ᠰᠢᠳᠦᠯᠭᠡ᠂ ᠨᠠᠮ ᠪᠠ ᠮᠠᠤ ᠵᠦᠰᠢ ᠶᠢᠨ ᠪᠢᠰᠢᠷᠠᠯ᠂ ᠠᠯᠢᠪᠠ ᠰᠠᠢ᠌ᠨ ᠰᠠᠢ᠌ᠬᠠᠨ ᠦ ᠡᠷᠬᠢᠮᠯᠡᠯ ᠵᠡᠷᠭᠡ ᠤᠯᠠᠨ ᠳᠠᠭᠠᠰᠢᠶᠠᠯ ᠳᠤ ᠬᠤᠪᠢᠶᠠᠨ ᠬᠦᠨᠵᠡᠭᠡᠢ ᠰᠦᠪᠡᠭ᠍ᠴᠢᠯᠠᠵᠠᠢ᠃ |