摘要 |
ᠮᠣᠩᠭᠣᠯ ᠠᠮᠠᠨ ᠢᠷᠠᠭᠤ ᠨᠠᠶᠢᠷᠠᠭ ᠤᠨ ᠪᠡᠶ᠎ᠡ ᠪᠡᠨ ᠳᠠᠭᠠᠭᠠᠭᠰᠠᠨ ᠲᠦᠷᠦᠯ ᠵᠤᠶᠢᠯ ᠪᠤᠯᠬᠤ ᠵᠤᠶᠢᠷ ᠰᠡᠴᠡᠨ ᠦᠭᠡ ᠶᠢᠨ ᠰᠢᠯᠦᠭᠯᠡᠯ ᠦᠨ ᠠᠷᠭ᠎ᠠ ᠪᠠᠷᠢᠯ ᠳᠤ ᠮᠣᠩᠭᠣᠯ ᠰᠢᠯᠦᠭ ᠦᠨ ᠲᠤᠯᠤᠭᠠᠢ ᠬᠤᠯᠪᠤᠯᠲᠠ ᠶᠢᠨ ᠤᠯᠠᠨ ᠶᠠᠩᠵᠤ ᠶᠢᠨ ᠲᠦᠭᠡᠮᠡᠯ ᠪᠡ ᠲᠦᠭᠡᠮᠡᠯ ᠪᠤᠰᠤ ᠬᠡᠯᠪᠡᠷᠢ ᠦᠯᠡᠮᠵᠢ ᠬᠠᠷᠠᠭᠳᠠᠵᠤ ᠪᠠᠶᠢᠬᠤ ᠪᠦᠭᠡᠳ ᠮᠦᠷ ᠪᠠᠳᠠᠭ ᠤᠨ ᠲᠤᠯᠤᠭᠠᠢ ᠬᠤᠯᠪᠤᠭᠠᠳ ᠰᠡᠭᠦᠯ ᠬᠤᠯᠪᠤᠬᠤ᠂ ᠲᠤᠯᠤᠭᠠᠢ ᠬᠤᠯᠪᠤᠬᠤ ᠦᠭᠡᠢ ᠰᠡᠭᠦᠯ ᠬᠤᠯᠪᠤᠨ ᠦᠭᠡ ᠦᠶ᠎ᠡ ᠶᠢᠨ ᠲᠤᠭ᠎ᠠ ᠶᠢ ᠢᠵᠢᠯᠢᠰᠢᠭᠦᠯᠬᠦ ᠮᠦᠨ ᠲᠡᠷᠡᠴᠢᠯᠡᠨ ᠠᠳᠠᠯᠢ ᠤᠳᠬᠠᠲᠤ ᠦᠭᠡᠰ ᠢ ᠳᠠᠪᠲᠠᠬᠤ ᠪᠤᠶᠤ ᠡᠰᠡᠷᠭᠦ ᠤᠳᠬᠠᠲᠤ ᠦᠭᠡᠰ ᠢ ᠬᠠᠷᠰᠢᠭᠤᠯᠬᠤ ᠮᠠᠶᠢᠭ ᠢᠶᠠᠷ ᠤᠳᠬ᠎ᠠ ᠰᠠᠨᠠᠭ᠎ᠠ ᠪᠠᠨ ᠢᠯᠡᠷᠬᠡᠶᠢᠯᠡᠳᠡᠭ ᠡᠩ ᠵᠡᠷᠭᠡᠴᠡᠭᠦᠯᠬᠦ ᠶᠤᠰᠤᠨ ᠤ ᠬᠡᠯᠪᠡᠷᠢ ᠮᠠᠶᠢᠭ ᠵᠡᠷᠭᠡ ᠶᠢ ᠲᠤᠳᠤᠷᠠᠭᠤᠯᠤᠭᠰᠠᠨ ᠪᠠᠶᠢᠨ᠎ᠠ᠃ |