摘要 |
ᠲᠤᠰ ᠦᠭᠦᠯᠡᠯ ᠳᠦ ᠂ ᠮᠣᠩ᠋ᠭᠤᠯ ᠬᠡᠯᠡᠨ ᠦ ᠦᠢᠯᠡ ᠦᠭᠡ ᠶᠢᠨ ᠲᠤᠭᠲᠠᠯᠴᠠᠭᠠᠨ ᠳᠤᠲᠤᠷ᠎ᠠ ᠲᠤᠰᠬᠠᠢ᠌ᠯᠠᠨ 《ᠲᠤᠰᠠᠯᠠᠬᠤ ᠦᠢᠯᠡ》ᠭᠡᠵᠦ ᠨᠢᠭᠡ ᠠᠢ᠌ᠮᠠᠭ ᠦᠭᠡᠰ ᠪᠠᠢ᠌ᠬᠤ ᠦᠭᠡᠢ᠃ ᠮᠣᠩ᠋ᠭᠤᠯ ᠬᠡᠯᠡᠨ ᠦ ᠦᠢᠯᠡ ᠦᠭᠡ ᠶᠢᠨ ᠲᠤᠰᠠᠯᠠᠵᠤ ᠪᠠᠢ᠌ᠭ᠎ᠠ ᠦᠵᠡᠭᠳᠡᠯ ᠨᠢ᠂ ᠦᠢᠯᠡ ᠦᠭᠡᠨ ᠳᠦ ᠦᠪᠡᠷ ᠲᠦ ᠨᠢ 《ᠲᠤᠰᠠᠯᠠᠬᠤ ᠰᠢᠨᠵᠢ》ᠪᠠᠢ᠌ᠳᠠᠭ ᠤᠴᠢᠷ ᠠᠴᠠ᠂ ᠦᠢᠯᠡ ᠦᠭᠡ ᠨᠦᠬᠦᠳ ᠵᠠᠷᠢᠮ ᠲᠤᠬᠢᠶᠠᠯᠳᠤᠯ ᠳᠤ ᠲᠤᠰᠠᠯᠠᠬᠤ ᠡᠭᠦᠷᠭᠡ ᠭᠦᠢᠴᠡᠳᠭᠡᠵᠦ ᠪᠠᠢ᠌ᠳᠠᠭ ᠭᠡᠵᠦ ᠦᠵᠡᠵᠡᠢ᠃ ᠦᠢᠯᠡ ᠦᠭᠡ ᠶᠢᠨ 《ᠲᠤᠰᠠᠯᠠᠬᠤ ᠰᠢᠨᠵᠢ》ᠭᠡᠳᠡᠭ ᠨᠢ᠌᠄ ᠦᠢᠯᠡ ᠦᠭᠡ ᠨᠦᠬᠦᠳ ᠨᠢ ᠦᠢᠯᠡ ᠬᠤᠷᠰᠢᠶ᠎ᠠ ᠦᠭᠡ ᠪᠤᠯᠤᠨ ᠦᠢᠯᠡ ᠬᠤᠯᠪᠤᠭ᠎ᠠ ᠦᠭᠡ ᠵᠡᠷᠭᠡ ᠬᠠᠮ ᠴᠤᠭᠴᠠ ᠳᠤᠲᠤᠷ᠎ᠠ ᠭᠤᠤᠯᠯᠠᠬᠤ ᠦᠢᠯᠡ ᠶᠢᠨ ᠢᠶᠡᠨ ᠠᠷᠤ ᠳᠤ ᠣᠷᠤᠬᠤ ᠳᠠᠭᠠᠨ ᠲᠡᠭᠦᠨ ᠦ ᠬᠡᠯᠡᠨ ᠦ ᠵᠦᠢ ᠶᠢᠨ ᠡᠭᠦᠷᠭᠡ ᠰᠤᠯᠢᠭᠳᠠᠵᠤ᠂ ᠭᠤᠤᠯᠯᠠᠬᠤ ᠦᠢᠯᠡ ᠶᠢᠨ ᠢᠶᠡᠨ ᠦᠭᠡᠰ ᠦᠨ ᠰᠠᠩ ᠤᠨ ᠤᠳᠬ᠎ᠠ ᠶᠢᠨ ᠳᠡᠭᠡᠷ᠎ᠡ᠂ ᠬᠡᠯᠡ ᠵᠦᠢ᠂ ᠦᠭᠡᠰ ᠦᠨ ᠰᠠᠩ᠂ ᠬᠠᠨᠳᠤᠯᠭ᠎ᠠ ᠶᠢᠨ ᠤᠳᠬ᠎ᠠ ᠨᠡᠮᠡᠨ ᠦᠭᠴᠦ ᠪᠠᠢ᠌ᠳᠠᠭ ᠰᠢᠨᠵᠢ ᠶᠢ ᠬᠡᠯᠡᠨ᠎ᠡ᠃ |