摘要 |
ᠳᠤᠰ ᠦᠭᠦᠯᠡᠯ ᠳᠤ᠂ ᠮᠣᠩᠭᠣᠯ ᠬᠡᠯᠡᠨ ᠦ ᠦᠬᠡ ᠶᠢ ᠤᠷᠢᠳᠠ ᠪᠡᠷ ᠦᠭᠡᠰ ᠤᠨᠰᠠᠩ ᠤᠨ ᠰᠤᠳᠤᠯᠭᠠᠨ ᠦ ᠲᠠᠯ ᠠ ᠡᠴᠡ ᠳᠡᠭᠦᠨ ᠦ ᠪᠦᠳᠦᠴᠡ ᠨᠢ ᠶᠠᠮᠠᠷ ᠪᠠᠢ᠌ᠳᠠᠭ ᠢ ᠶᠡᠷᠦᠩᠬᠡᠢ ᠬᠡᠯᠡᠨ ᠦ ᠰᠢᠨᠵᠢᠯᠡᠯ ᠤᠨ ᠤᠨᠤᠯ ᠳᠤ ᠲᠤᠯᠭᠠᠭᠤᠷᠢᠯᠡᠭᠤᠯᠤᠨ ᠰᠢᠨᠵᠢᠯᠡᠵᠦ ᠦᠵᠡᠭᠡᠳ ᠳᠡᠭᠦᠨ ᠦ ᠪᠦᠳᠦᠴᠡ ᠶᠢᠨ ᠪᠦᠷᠢᠯᠳᠦᠭᠦᠨ ᠬᠡᠰᠡᠭ ᠪᠤᠯᠬᠤ ᠪᠦᠳᠦᠬᠡᠪᠦᠷᠢ ᠨᠢ ᠤᠳᠬ᠎ᠠ ᠶᠢᠨ ᠲᠠᠯ ᠠ ᠪᠡᠷ ᠶᠡᠬᠡ ᠪᠠᠭ᠎ᠠ ᠠᠳᠠᠯᠢ ᠪᠤᠰᠤ ᠬᠡᠮᠵᠢᠶ ᠠ ᠲᠠᠢ ᠪᠠᠢ᠌ᠬᠤ ᠲᠤᠯᠠ ᠡᠭᠦᠨ ᠦ ᠦᠨᠳᠦᠰᠦᠯᠡᠵᠦ ᠪᠦᠳᠦᠭᠡᠪᠦᠷᠢ ᠪᠡᠨ ᠽᠠᠳᠠᠯᠢ ᠪᠤᠰᠤ ᠬᠡᠮᠵᠢᠶᠡᠨ ᠳᠤ ᠬᠤᠪᠢᠶᠠᠨ ᠦᠵᠡᠪᠡᠯ ᠶᠠᠮᠠᠷ ᠭᠡᠳᠡᠭ ᠰᠠᠨᠠᠯ ᠳᠡᠪᠰᠢᠭᠦᠯᠪᠡ᠂ ᠳᠠᠷᠠᠭ᠎ᠠ ᠨᠢ ᠮᠣᠩᠭᠣᠯ ᠬᠡᠯᠡᠨ ᠦ ᠦᠭᠡ ᠶᠢᠨ ᠪᠦᠳᠦᠴᠡ ᠶᠢ ᠦᠬᠡ ᠵᠦᠢ ᠶᠢᠨ ᠰᠤᠳᠤᠯᠭᠠᠨ ᠦ ᠲᠠᠯ ᠠ ᠡᠴᠡ ᠂ ᠦᠭᠦᠯᠡᠪᠦᠷᠢ ᠵᠦᠢ ᠶᠢᠨ ᠰᠤᠳᠤᠯᠭᠠᠨ ᠦ ᠲᠠᠯ ᠠ ᠡᠴᠡ ᠵᠠᠳᠠᠯᠵᠤ ᠰᠢᠨᠵᠢᠯᠡᠬᠦ ᠳᠤ ᠬᠤᠯᠪᠤᠭᠳᠠᠵᠤ ᠪᠠᠢ᠌ᠭ᠎ᠠ ᠬᠡᠳᠦᠨ ᠠᠰᠠᠭᠤᠳᠠᠯ ᠢ ᠲᠤᠷᠠᠳᠪᠠ᠃ |