题名 |
ᠮᠣᠩᠭᠤᠯ ᠬᠡᠯᠡ ᠪᠤᠯᠤᠨ ᠮᠠᠨᠵᠤ ᠬᠡᠯᠡᠨ ᠦ ᠨᠡᠷ᠎ᠡ ᠦᠭᠡ ᠶᠢᠨ ᠬᠡᠯᠡᠨ ᠦ ᠵᠦᠢ ᠶᠢᠨ ᠠᠢ ᠶᠢᠨ ᠬᠠᠷᠢᠴᠠᠭᠤᠯᠤᠭᠰᠠᠨ ᠰᠤᠳᠤᠯᠭᠠᠨ ᠤ ᠲᠤᠢ᠌ᠢᠮᠤ |
作者 |
ᠲᠩ ᠵᠢᠨ ᠷᠦᠩ |
关键词 |
ᠮᠣᠩᠭᠤᠯ ᠬᠡᠯᠡ; ᠮᠠᠨᠵᠤ ᠬᠡᠯᠡ; ᠬᠡᠯᠡᠨ ᠦ ᠵᠦᠢ ᠶᠢᠨ ᠠᠢ |
摘要 |
ᠤᠯᠤᠰ ᠤᠨ ᠳᠤᠲᠤᠭᠠᠳᠤ ᠭᠠᠳᠠᠭᠠᠳᠤ ᠶᠢᠨ ᠡᠷᠳᠡᠮᠲᠡᠳ ᠲᠡᠦᠬᠡᠨ ᠬᠠᠷᠢᠴᠠᠭᠤᠯᠤᠭᠰᠠᠨ ᠬᠡᠯᠡ ᠰᠢᠨᠵᠢᠯᠡᠯ ᠦᠨ ᠣᠨᠣᠯ ᠠᠷᠭ᠎ᠠ ᠪᠠᠷ ᠢᠵᠠᠭᠤᠷ ᠨᠢᠭᠡᠲᠡᠢ ᠬᠡᠯᠡ ᠪᠤᠯᠬᠤ ᠮᠣᠩᠭᠤᠯ ᠬᠡᠯᠡ ᠪᠡ ᠮᠠᠨᠵᠤ ᠬᠡᠯᠡ ᠶᠢ ᠬᠠᠷᠢᠴᠠᠭᠤᠯᠤᠨ ᠰᠤᠳᠤᠯᠤᠭᠠᠳ ᠡᠷᠳᠡᠮ ᠰᠢᠨᠵᠢᠯᠡᠭᠡᠨ ᠦ ᠣᠯᠠᠨ ᠪᠦᠲᠦᠭᠡᠯ ᠨᠡᠢ᠌ᠢᠲᠡᠯᠡᠨ ᠬᠡᠪᠯᠡᠭᠦᠯᠵᠡᠢ᠃ ᠲᠡᠳᠡᠭᠡᠷ ᠪᠦᠲᠦᠭᠡᠯ ᠦᠳ ᠨᠢ ᠮᠣᠩᠭᠤᠯ ᠮᠠᠨᠵᠤ ᠬᠤᠶᠠᠷ ᠬᠡᠯᠡ ᠦ ᠰᠤᠳᠤᠯᠭᠠᠨ ᠳᠤ ᠦᠨ᠎ᠡ ᠲᠡᠢ ᠬᠤᠪᠢ ᠨᠡᠮᠡᠷᠢ ᠦᠵᠡᠭᠦᠯᠦᠭᠰᠡᠨ ᠨᠢ ᠲᠤᠳᠤᠷᠬᠠᠢ ᠪᠠᠢ᠌ᠨ᠎ᠠ᠃ ᠲᠤᠰ ᠦᠭᠦᠯᠡᠯ ᠳᠦ ᠮᠣᠩ᠋ᠭᠤᠯ ᠮᠠᠨᠵᠤ ᠬᠤᠶᠠᠷ ᠬᠡᠯᠡᠨ ᠦ ᠨᠡᠷ᠎ᠡ ᠦᠭᠡ ᠶᠢᠨ ᠬᠡᠯᠡᠨ ᠦ ᠵᠦᠢ ᠶᠢᠨ ᠠᠢ ᠶᠢ ᠬᠠᠷᠢᠴᠠᠭᠤᠯᠵᠤ ᠰᠤᠳᠤᠯᠤᠭᠰᠠᠨ ᠤᠯᠤᠰ ᠤᠨ ᠭᠠᠳᠠᠭᠠᠳᠤ ᠶᠢᠨ ᠡᠷᠳᠡᠮᠲᠡᠳ ᠦᠨ ᠦᠭᠦᠯᠡᠯ ᠵᠤᠬᠢᠶᠠᠯ ᠢ ᠲᠠᠨᠢᠯᠴᠠᠭᠤᠯᠬᠤ ᠪᠠᠷ ᠳᠠᠮᠵᠢᠭᠠᠳ ᠮᠣᠩ᠋ᠭᠤᠯ ᠮᠠᠨᠵᠤ ᠬᠤᠶᠠᠷ ᠬᠡᠯᠡᠨ ᠦ ᠬᠠᠷᠢᠴᠠᠭᠤᠯᠤᠭᠰᠠᠨ ᠰᠤᠳᠤᠯᠭᠠᠨ ᠤ ᠴᠢᠬᠤᠯᠠ ᠴᠢᠨᠠᠷ ᠪᠠ ᠨᠦᠯᠦᠭᠡ ᠦᠢᠯᠡᠳᠦᠯ ᠢ ᠦᠭᠦᠯᠡᠵᠡᠢ᠃ |
原文 |
查看原文
|
出自 |
中国蒙古学
2013年
第2期
|