论文信息


题名 ᠮᠣᠩ᠋ᠭᠤᠯ ᠲᠤᠤᠯᠢ ᠶᠢᠨ ᠳᠠᠷᠬᠠᠨ ᠰᠢᠨᠵᠢ ᠬᠢᠭᠡᠳ ᠬᠤᠷᠴᠢᠨ ᠲᠤᠤᠯᠢ
作者 ᠤᠷᠠᠨᠴᠢᠮᠡᠭ
关键词
摘要 ᠲᠤᠰ ᠦᠭᠦᠯᠡᠯ ᠳᠦ ᠮᠣᠩ᠋ᠭᠤᠯ ᠪᠠᠭᠠᠲᠤᠷ ᠤᠨ ᠲᠤᠤᠯᠢ᠂ 《ᠴᠢᠩᠭᠢᠰ ᠬᠠᠭᠠᠨ ᠤ ᠶᠡᠬᠡ ᠦᠴᠢᠭ》ᠪᠡ ᠪᠦᠬᠡ ᠶᠢᠨ ᠳᠠᠭᠤᠳᠠᠯᠭ᠎ᠠ ᠶᠢᠨ ᠲᠤᠭᠠᠴᠢᠨ ᠳᠦᠷᠦᠯᠡᠬᠦ ᠬᠡᠰᠡᠭ ᠪᠡ ᠲᠡᠳᠡᠭᠡᠷ ᠦᠨ ᠳᠠᠭᠠᠯᠳᠤᠭᠰᠠᠨ ᠵᠠᠩ ᠦᠢᠯᠡ ᠶᠢᠨ ᠠᠳᠠᠯᠢ ᠲᠠᠯ᠎ᠠ ᠶᠢ ᠬᠠᠷᠢᠴᠠᠭᠤᠯᠤᠨ ᠰᠢᠨᠵᠢᠯᠡᠬᠦ ᠪᠡᠷ ᠳᠠᠮᠵᠢᠭᠤᠯᠵᠤ᠂ ᠮᠣᠩ᠋ᠭᠤᠯ ᠪᠠᠭᠠᠲᠤᠷ ᠤᠨ ᠲᠤᠤᠯᠢ ᠦᠪᠡᠷ ᠦᠨ ᠪᠡᠶ᠎ᠡ ᠳᠦᠨᠢ ᠰᠢᠲᠦᠯᠭᠡ ᠪᠢᠰᠢᠷᠡᠯ ᠦᠨ ᠰᠢᠨᠵᠢ ᠴᠢᠨᠠᠷ ᠪᠠᠢ᠌ᠨ᠎ᠠ ᠭᠡᠰᠡᠨ ᠢ ᠨᠤᠲᠠᠯᠠᠵᠤ᠂ ᠮᠣᠩ᠋ᠭᠤᠯ ᠲᠤᠤᠯᠢ ᠶᠢᠨ ᠪᠠᠭᠠᠲᠤᠷ ᠪᠤᠯ ᠲᠤᠬᠠᠢ ᠶᠢᠨ ᠤᠭᠰᠠᠭ᠎ᠠ ᠠᠢ᠌ᠮᠠᠭ ᠤᠨ ᠲᠡᠦᠬᠡᠨ ᠳᠡᠭᠡᠷ᠎ᠡ ᠪᠠᠢ᠌ᠵᠤ ᠦᠩᠭᠡᠷᠡᠭᠡᠨ ᠠᠯᠳᠠᠷ ᠬᠦᠨᠳᠦᠲᠦ ᠬᠦᠮᠦᠰ ᠲᠦ ᠳᠡᠭᠡᠳᠦᠰ ᠪᠠᠢ᠌ᠵᠤ ᠪᠤᠯᠬᠤ ᠪᠦᠭᠡᠳ ᠲᠤᠬᠠᠢ ᠶᠢᠨ ᠤᠭᠰᠠᠭ᠎ᠠ ᠠᠢ᠌ᠮᠠᠭ ᠲᠠᠭᠠᠨ ᠲᠠᠬᠢᠭᠳᠠᠵᠤ ᠰᠢᠲᠦᠭᠳᠡᠵᠦ ᠪᠠᠢ᠌ᠭᠰᠠᠨ ᠭᠡᠰᠡᠨ ᠵᠢᠱᠢᠯᠲᠡ ᠶᠢ ᠲᠠᠯᠪᠢᠵᠠᠢ᠃ ᠡᠭᠦᠨ ᠢ ᠮᠣᠩ᠋ᠭᠤᠯ ᠲᠤᠤᠯᠢ ᠶᠢᠨ ᠳᠠᠷᠬᠠᠨ ᠰᠢᠨᠵᠢ ᠭᠡᠵᠦ ᠨᠡᠷᠡᠯᠡᠭᠡᠳ ᠲᠡᠷᠡ ᠨᠢ ᠬᠤᠷᠴᠢᠨ ᠲᠤᠤᠯᠢ ᠶᠢᠨ ᠤᠳᠤᠬᠠᠨ ᠪᠤᠯᠲᠠᠯ᠎ᠠ ᠬᠤᠷᠴᠢᠨ ᠤ ᠨᠡᠢ᠌ᠭᠡᠮ ᠰᠤᠶᠤᠯ ᠤᠨ ᠣᠷᠴᠢᠨ ᠲᠤᠭᠤᠷᠢᠨ ᠳᠤ ᠤᠯᠠᠮᠵᠢᠯᠠᠭᠳᠠᠨ ᠢᠷᠡᠵᠦ ᠴᠢᠳᠠᠭᠰᠠᠨ ᠤ ᠴᠢᠬᠤᠯᠠ ᠨᠢᠭᠡ ᠰᠢᠯᠲᠠᠭᠠᠨ ᠪᠤᠯᠤᠨ᠎ᠠ ᠭᠡᠵᠦ ᠦᠵᠡᠵᠡᠢ᠃
原文 没有原文
出自 内蒙古大学学报 1998年 第2期

联系我们


内蒙古大学图书馆
呼和浩特市大学西路235号
中国·内蒙古
P: (0471) 4992561
E: huangfeilong@imu.edu.cn