摘要 |
ᠮᠠᠢ᠌ᠢᠳᠠᠷᠢ ᠪᠤᠷᠬᠠᠨ ᠶᠢ ᠰᠢᠳᠦᠨ ᠳᠠᠬᠢᠵᠦ᠂《ᠮᠠᠢ᠌ᠳᠠᠷᠢ ᠶᠢᠨ ᠢᠷᠤᠭᠡᠯ》 ᠪᠤᠯᠤᠨ 《ᠮᠠᠢ᠌ᠢᠳᠠᠷᠢ ᠶᠢᠨ ᠮᠠᠭᠳᠠᠭᠠᠯ》ᠢ᠋ ᠤᠩᠰᠢᠭᠤᠯᠳᠠᠭ ᠪᠠᠢ᠌ᠵᠠᠢ ᠃ ᠮᠠᠢ᠌ᠳᠠᠷᠢ ᠪᠤᠯ ᠬᠦᠮᠦᠨ ᠦ ᠶᠢᠷᠳᠢᠨᠴᠦ ᠳᠤ ᠪᠤᠷᠬᠠᠨ ᠪᠤᠯᠤᠭᠰᠠᠨ ᠪᠤᠳᠢᠰᠠᠳᠦ ᠠ ᠮᠦᠨ᠃ ᠱᠠᠭᠵᠠᠮᠤᠨᠢ ᠪᠤᠷᠬᠠᠨ ᠦ ᠳᠠᠷᠠᠭ᠎ᠠ ᠪᠠᠷ ᠢᠷᠡᠬᠦ ᠳᠠᠪᠤᠳᠤᠭᠠᠷ ᠪᠤᠷᠬᠠᠨ ᠪᠤᠯᠤᠨ᠎ᠠ᠃ 《ᠮᠠᠢ᠌ᠳᠠᠷᠢ ᠶᠢᠨ ᠢᠷᠤᠭᠡᠯ》ᠪᠤᠯ ᠦᠭᠯᠢᠬᠡ ᠪᠠᠷᠠᠮᠢᠳ᠂ ᠰᠠᠬᠢᠯ ᠪᠠᠷᠠᠮᠢᠳ᠂ ᠬᠦᠯᠢᠴᠡᠩᠬᠦᠢ ᠪᠠᠷᠠᠮᠢᠳ᠂ ᠬᠢᠴᠢᠶᠠᠩᠭᠦᠢ ᠪᠠᠷᠠᠮᠢᠳ᠂ ᠰᠠᠮᠠᠲᠢ ᠪᠠᠷᠠᠮᠢᠳ᠂ ᠪᠢᠯᠢᠭ᠌ ᠪᠠᠷᠠᠮᠢᠳ ᠵᠡᠷᠭᠡ ᠵᠢᠷᠭᠤᠭᠠᠨ ᠪᠠᠷᠠᠮᠢᠳ ᠭᠡᠵᠦ ᠲᠦᠷᠦᠵᠦ ᠦᠭᠦᠬᠦ ᠡᠨᠡ ᠡᠷᠬᠢ ᠡᠴᠡ ᠨᠢᠷᠸᠠᠨ ᠦ ᠳᠡᠷᠳᠡᠭᠡ ᠡᠷᠬᠢ ᠳᠤ ᠬᠡᠳᠦᠯᠭᠡᠭ᠍ᠳᠡᠬᠦ ᠵᠢᠷᠭᠤᠭᠠᠨ ᠵᠦᠢᠯ ᠤᠨ ᠠᠷᠭ᠎ᠠᠪᠠᠷᠢᠯ ᠪᠠ ᠵᠠᠮ ᠮᠦᠨ᠂ ᠡᠨᠡ ᠨᠢ ᠶᠡᠬᠡ ᠬᠦᠯᠭᠡᠨ ᠦ ᠪᠤᠳ᠋ᠳ᠋ᠳᠢᠨ ᠶᠢᠨ ᠱᠠᠰᠢᠨ ᠦ ᠪᠢᠰᠢᠯᠭᠠᠯ ᠤᠨ ᠭᠤᠤᠯ ᠠᠭᠤᠯᠭ᠎ᠠ ᠪᠤᠯᠤᠨ᠎ᠠ᠃ |