摘要 |
ᠣᠢ᠌ᠷᠠᠳᠴᠤᠳ ᠭᠡᠨᠡᠳᠲᠡ ᠢᠷᠡᠭᠰᠡᠨ ᠡᠪᠡᠳᠴᠢᠨ᠂ ᠳᠤᠲᠤᠷ᠎ᠠ ᠡᠪᠡᠳᠴᠢᠨ᠂ ᠪᠤᠳᠤᠯᠢᠶᠠᠨᠲᠤ ᠡᠪᠡᠳᠴᠢᠨ᠂ ᠰᠡᠳᠬᠢᠯ ᠦᠨ ᠡᠪᠡᠳᠴᠢᠨ ᠵᠡᠷᠭᠡ ᠳᠦ ᠣᠯᠠᠩᠭᠢ ᠳᠠᠭᠠᠨ ᠰᠢᠲᠦᠯᠭᠡ ᠰᠦᠰᠦᠭ ᠦᠨ ᠰᠡᠳᠬᠢᠴᠡ ᠪᠡᠷ ᠬᠠᠨᠳᠤᠳᠠᠭ᠃ ᠡᠪᠡᠳᠴᠢᠨ ᠦ ᠨᠢᠭᠤᠴᠠ ᠳᠠᠯᠳᠠ ᠰᠢᠯᠲᠠᠭᠠᠨ ᠢ ᠶᠷᠦᠩᠬᠡᠢ ᠳᠡᠭᠡᠨ ᠬᠡᠢ᠌ᠰᠴᠦ ᠢᠷᠡᠭᠰᠡᠨ ᠨᠢ ᠭᠠᠷ ᠪᠢᠴᠢᠳ᠂ ᠪᠤᠵᠠᠷ ᠳᠤᠰᠤᠭᠰᠠᠨ ᠠᠴᠠ ᠪᠤᠤᠭᠰᠠᠨ ᠡᠪᠡᠳᠴᠢᠨ᠂ ᠠᠳᠠ ᠴᠢᠳᠭᠦᠷ ᠣᠷᠤᠰᠢᠭᠰᠠᠨ ᠠᠴᠠ ᠪᠤᠯᠤᠭᠰᠠᠨ ᠡᠪᠡᠳᠴᠢᠨ᠂ ᠬᠠᠷ᠎ᠠ ᠴᠠᠭᠠᠨ ᠬᠡᠯᠡᠨ ᠳᠤᠰᠤᠭᠰᠠᠨ ᠠᠴᠠ ᠪᠤᠯᠤᠭᠰᠠᠨ ᠡᠪᠡᠳᠴᠢᠨ᠂ ᠨᠢᠭᠦᠯ ᠬᠢᠯᠢᠨᠴᠡ ᠦᠢᠯᠡᠳᠦᠭᠰᠡᠨ ᠡᠴᠡ ᠪᠤᠯᠤᠭᠰᠠᠨ ᠪᠡᠳᠴᠢᠨ ᠭᠡᠵᠦ ᠬᠤᠪᠢᠶᠠᠵᠤ ᠪᠤᠯᠤᠨ᠎ᠠ᠃ ᠡᠪᠡᠳᠴᠢᠨ ᠦ ᠲᠤᠬᠠᠢ ᠡᠢ᠌ᠮᠦ ᠤᠬᠠᠮᠰᠠᠷ ᠪᠤᠯ ᠪᠠᠯᠠᠷ ᠡᠷᠲᠡᠨ ᠦ ᠰᠡᠬᠢᠴᠡ ᠶᠢᠨ ᠵᠠᠷᠢᠮ ᠨᠢᠭᠡᠨ ᠣᠨᠴᠠᠯᠢᠭ ᠰᠢᠨᠵᠢ ᠣᠷᠴᠢᠨᠦᠶᠡ ᠬᠦᠷᠲᠡᠡ ᠤᠯᠠᠮᠵᠢᠯᠠᠭᠳᠠᠵᠤ ᠣᠳᠣ ᠶᠢᠨ ᠬᠦᠮᠦᠰ ᠲᠦ ᠴᠦ ᠨᠦᠯᠦᠭᠡ ᠬᠦᠷᠭᠡᠵᠦ ᠪᠠᠢ᠌᠌ᠭᠠ ᠬᠡᠷᠡᠭ ᠶᠤᠮ᠃ |