论文信息


题名 20 ᠳ᠋ᠤᠭᠠᠷ ᠵᠠᠭᠤᠨ ᠦ ᠮᠣᠩᠭᠣᠯ ᠤᠳᠬ ᠠ ᠵᠤᠬᠢᠶᠠᠯ ᠤᠨ ᠲᠡᠦᠬᠡ ᠵᠦᠢ ᠰᠢᠨᠵᠢᠯᠡᠯ ᠤᠨ ᠲᠤᠬᠠᠢ
作者 ᠰ᠂ ᠤᠷᠤᠰᠬᠠᠯ
关键词 20 ᠳ᠋ᠤᠭᠠᠷ ᠵᠠᠭᠤᠨ;ᠮᠣᠩᠭᠣᠯ ᠤᠳᠬ ᠠ ᠵᠤᠬᠢᠶᠠᠯ; ᠲᠡᠦᠬᠡ ᠵᠦᠢ
摘要 20 ᠳ᠋ᠤᠭᠠᠷ ᠵᠠᠭᠤᠨ ᠦ ᠮᠣᠩᠭᠣᠯ ᠤᠳᠬ ᠠ ᠵᠤᠬᠢᠶᠠᠯ ᠤᠨ ᠲᠡᠦᠬᠡ ᠪᠢᠴᠢᠯᠭᠡ ᠳᠤ ᠨᠢᠭᠡᠨᠳᠡ ᠨᠡᠪᠳᠡᠷᠬᠡᠢ ᠲᠡᠦᠡᠬ ᠂ ᠦᠶᠡᠯᠡᠭᠰᠡᠨ ᠲᠡᠦᠬᠡ ᠬᠢᠭᠡᠳ ᠤᠷᠤᠨ ᠨᠤᠲᠤᠭ ᠤᠨ ᠤᠳᠬ᠎ᠠ ᠵᠤᠬᠢᠶᠠᠯ ᠤᠨ ᠲᠡᠦᠡᠬ ᠨᠡᠢ᠌ᠳᠡ ᠭᠤᠴᠢᠭᠠᠳ ᠢᠵᠢ ᠬᠡᠪᠯᠡᠭᠳᠡᠵᠦ᠂ ᠰᠢᠰᠲ᠋ᠸᠮ ᠪᠦᠷᠢᠯᠳᠦᠴᠡ ᠂ ᠲᠤᠭᠤᠷᠪᠢᠬᠤ ᠰᠡᠳᠬᠢᠮᠵᠢ ᠬᠢᠭᠡᠳ ᠨᠠᠮᠪᠠ ᠵᠡᠷᠭᠡ ᠲᠠᠯ ᠠ ᠪᠡᠷ ᠦᠨᠳᠦᠰᠦᠨ ᠳᠡᠭᠡᠨ 《ᠴᠠᠭ ᠦᠶ ᠠ— ᠵᠤᠬᠢᠶᠠᠯᠴᠢ—ᠵᠤᠬᠢᠶᠠᠯ ᠪᠦᠳᠦᠭᠡᠯ—ᠠᠭᠤᠯᠭ᠎ᠠ ᠰᠠᠨᠠᠭ᠎ᠠ— ᠤᠷᠠᠯᠢᠭ ᠤᠨ ᠤᠨᠴᠠᠯᠢᠭ》ᠭᠡᠬᠦ ᠬᠡᠪᠰᠢᠯ ᠢ ᠪᠦᠷᠢᠯᠳᠦᠭᠦᠯᠵᠦ 《ᠵᠤᠬᠢᠶᠠᠭᠴᠢ— ᠵᠤᠬᠢᠶᠠᠯ ᠪᠦᠳᠦᠭᠡᠯ》 ᠤᠨ ᠵᠠᠭᠪᠤᠷ ᠢ ᠡᠷᠬᠢᠮᠯᠡᠳᠡᠭ ᠨᠢ ᠳᠡᠳᠡᠭᠡᠷ ᠤᠨ ᠨᠡᠢ᠌ᠳᠡᠯᠢᠭ ᠬᠡᠯᠪᠡᠷᠢᠯ ᠮᠦᠨ ᠃《 ᠮᠣᠩᠭᠣᠯ ᠤᠳᠬ ᠠ ᠵᠤᠬᠢᠶᠠᠯ ᠤᠨ ᠲᠡᠦᠬᠡ ᠵᠦᠢ 》ᠴᠤᠭᠴᠠᠯᠠᠬᠤ ᠨᠢ ᠮᠣᠩᠭᠣᠯ ᠤᠳᠬ᠎ᠠ ᠵᠤᠬᠢᠶᠠᠯ ᠤᠨ ᠲᠡᠦᠬᠡ ᠰᠤᠳᠤᠯᠤᠯ ᠢ ᠠᠬᠢᠭᠤᠯᠬᠤ ᠵᠠᠩᠬᠢᠯᠠᠭ᠎ᠠ ᠮᠦᠨ ᠃ ᠡᠢ᠌ᠮᠦᠷᠬᠦ ᠨᠦᠭᠦᠴᠡᠯ ᠪᠤᠯᠤᠯᠴᠠᠭ᠎ᠠ ᠬᠢᠭᠡᠳ ᠲᠤᠯᠭᠠᠮ ᠠ ᠴᠢᠨᠠᠷ ᠨᠢ ᠄ ᠮᠠᠲ᠋ᠸᠷᠢᠶᠠᠯ ᠤᠨ ᠬᠤᠷᠠᠮᠳᠤᠭᠤᠯᠤᠯ᠂ ᠤᠶᠤᠨ ᠦ ᠪᠡᠯᠡᠳᠭᠡᠯ᠂ ᠰᠢᠨᠵᠢᠯᠡᠭᠡᠨ ᠦ ᠬᠠᠨᠳᠤᠰᠢ᠂ ᠳᠠᠨᠢᠯᠲᠠ ᠬᠡᠯᠪᠡᠢ᠌ᠬᠦᠦ᠂ ᠤᠢ᠌ᠭᠠᠯᠠᠭᠳᠠᠬᠤᠨ ᠪᠠᠯᠠᠷᠬᠠᠢ ᠃ 20 ᠳ᠋ᠤᠭᠠᠷ ᠵᠠᠭᠤᠨ ᠦ ᠮᠣᠩᠭᠣᠯ ᠤᠳᠬ ᠠ ᠵᠤᠬᠢᠶᠠᠯ ᠤᠨ ᠲᠡᠦᠬᠡ ᠰᠤᠳᠤᠯᠤᠯ ᠢ ᠪᠦᠬᠦ ᠲᠠᠯ ᠠ ᠪᠠᠷ ᠡᠮᠬᠢᠯᠡᠨ ᠬᠤᠷᠢᠶᠠᠩᠭ᠋ᠤᠢᠯ᠌ᠠᠬᠤ ᠬᠢᠭᠡᠳ ᠳᠡᠭᠦᠨ ᠦ ᠬᠦᠭ᠍ᠵᠢᠯᠳᠡ ᠶᠢᠨ ᠵᠢᠮ ᠡ ᠶᠤᠰᠤᠨ ᠢ ᠤᠨᠤᠪᠴᠢᠲᠠᠢ ᠡᠵᠡᠮᠳᠡᠵᠦ ᠂ ᠮᠣᠩᠭᠣᠯ ᠤᠳᠬ᠎ᠠ ᠵᠤᠬᠢᠶᠠᠯ ᠤᠨ ᠲᠡᠦᠬᠡ ᠰᠤᠳᠤᠯᠤᠯ ᠢ ᠠᠬᠢᠭᠤᠯᠬᠤ ᠪᠤᠯ ᠮᠣᠩᠭᠣᠯ ᠤᠳᠬ ᠠ ᠵᠤᠬᠢᠶᠠᠯ ᠤᠨ ᠲᠡᠦᠬᠡ ᠵᠦᠢ ᠰᠢᠨᠵᠢᠯᠡᠯ ᠤᠨ ᠶᠡᠷᠦᠩᠭᠡᠢ ᠬᠠᠷᠠᠯᠲᠠ ᠮᠦᠨ ᠃
原文 查看原文
出自 内蒙古大学学报 2001年 第2期

联系我们


内蒙古大学图书馆
呼和浩特市大学西路235号
中国·内蒙古
P: (0471) 4992561
E: huangfeilong@imu.edu.cn