题名 |
20 ᠳ᠋ᠤᠭᠠᠷ ᠵᠠᠭᠤᠨ ᠦ ᠮᠣᠩᠭᠣᠯ ᠤᠳᠬ ᠠ ᠵᠤᠬᠢᠶᠠᠯ ᠤᠨ ᠲᠡᠦᠬᠡ ᠵᠦᠢ ᠰᠢᠨᠵᠢᠯᠡᠯ ᠤᠨ ᠲᠤᠬᠠᠢ |
作者 |
ᠰ᠂ ᠤᠷᠤᠰᠬᠠᠯ |
关键词 |
20 ᠳ᠋ᠤᠭᠠᠷ ᠵᠠᠭᠤᠨ;ᠮᠣᠩᠭᠣᠯ ᠤᠳᠬ ᠠ ᠵᠤᠬᠢᠶᠠᠯ; ᠲᠡᠦᠬᠡ ᠵᠦᠢ |
摘要 |
20 ᠳ᠋ᠤᠭᠠᠷ ᠵᠠᠭᠤᠨ ᠦ ᠮᠣᠩᠭᠣᠯ ᠤᠳᠬ ᠠ ᠵᠤᠬᠢᠶᠠᠯ ᠤᠨ ᠲᠡᠦᠬᠡ ᠪᠢᠴᠢᠯᠭᠡ ᠳᠤ ᠨᠢᠭᠡᠨᠳᠡ ᠨᠡᠪᠳᠡᠷᠬᠡᠢ ᠲᠡᠦᠡᠬ ᠂ ᠦᠶᠡᠯᠡᠭᠰᠡᠨ ᠲᠡᠦᠬᠡ ᠬᠢᠭᠡᠳ ᠤᠷᠤᠨ ᠨᠤᠲᠤᠭ ᠤᠨ ᠤᠳᠬ᠎ᠠ ᠵᠤᠬᠢᠶᠠᠯ ᠤᠨ ᠲᠡᠦᠡᠬ ᠨᠡᠢ᠌ᠳᠡ ᠭᠤᠴᠢᠭᠠᠳ ᠢᠵᠢ ᠬᠡᠪᠯᠡᠭᠳᠡᠵᠦ᠂ ᠰᠢᠰᠲ᠋ᠸᠮ ᠪᠦᠷᠢᠯᠳᠦᠴᠡ ᠂ ᠲᠤᠭᠤᠷᠪᠢᠬᠤ ᠰᠡᠳᠬᠢᠮᠵᠢ ᠬᠢᠭᠡᠳ ᠨᠠᠮᠪᠠ ᠵᠡᠷᠭᠡ ᠲᠠᠯ ᠠ ᠪᠡᠷ ᠦᠨᠳᠦᠰᠦᠨ ᠳᠡᠭᠡᠨ 《ᠴᠠᠭ ᠦᠶ ᠠ— ᠵᠤᠬᠢᠶᠠᠯᠴᠢ—ᠵᠤᠬᠢᠶᠠᠯ ᠪᠦᠳᠦᠭᠡᠯ—ᠠᠭᠤᠯᠭ᠎ᠠ ᠰᠠᠨᠠᠭ᠎ᠠ— ᠤᠷᠠᠯᠢᠭ ᠤᠨ ᠤᠨᠴᠠᠯᠢᠭ》ᠭᠡᠬᠦ ᠬᠡᠪᠰᠢᠯ ᠢ ᠪᠦᠷᠢᠯᠳᠦᠭᠦᠯᠵᠦ 《ᠵᠤᠬᠢᠶᠠᠭᠴᠢ— ᠵᠤᠬᠢᠶᠠᠯ ᠪᠦᠳᠦᠭᠡᠯ》 ᠤᠨ ᠵᠠᠭᠪᠤᠷ ᠢ ᠡᠷᠬᠢᠮᠯᠡᠳᠡᠭ ᠨᠢ ᠳᠡᠳᠡᠭᠡᠷ ᠤᠨ ᠨᠡᠢ᠌ᠳᠡᠯᠢᠭ ᠬᠡᠯᠪᠡᠷᠢᠯ ᠮᠦᠨ ᠃《 ᠮᠣᠩᠭᠣᠯ ᠤᠳᠬ ᠠ ᠵᠤᠬᠢᠶᠠᠯ ᠤᠨ ᠲᠡᠦᠬᠡ ᠵᠦᠢ 》ᠴᠤᠭᠴᠠᠯᠠᠬᠤ ᠨᠢ ᠮᠣᠩᠭᠣᠯ ᠤᠳᠬ᠎ᠠ ᠵᠤᠬᠢᠶᠠᠯ ᠤᠨ ᠲᠡᠦᠬᠡ ᠰᠤᠳᠤᠯᠤᠯ ᠢ ᠠᠬᠢᠭᠤᠯᠬᠤ ᠵᠠᠩᠬᠢᠯᠠᠭ᠎ᠠ ᠮᠦᠨ ᠃ ᠡᠢ᠌ᠮᠦᠷᠬᠦ ᠨᠦᠭᠦᠴᠡᠯ ᠪᠤᠯᠤᠯᠴᠠᠭ᠎ᠠ ᠬᠢᠭᠡᠳ ᠲᠤᠯᠭᠠᠮ ᠠ ᠴᠢᠨᠠᠷ ᠨᠢ ᠄ ᠮᠠᠲ᠋ᠸᠷᠢᠶᠠᠯ ᠤᠨ ᠬᠤᠷᠠᠮᠳᠤᠭᠤᠯᠤᠯ᠂ ᠤᠶᠤᠨ ᠦ ᠪᠡᠯᠡᠳᠭᠡᠯ᠂ ᠰᠢᠨᠵᠢᠯᠡᠭᠡᠨ ᠦ ᠬᠠᠨᠳᠤᠰᠢ᠂ ᠳᠠᠨᠢᠯᠲᠠ ᠬᠡᠯᠪᠡᠢ᠌ᠬᠦᠦ᠂ ᠤᠢ᠌ᠭᠠᠯᠠᠭᠳᠠᠬᠤᠨ ᠪᠠᠯᠠᠷᠬᠠᠢ ᠃ 20 ᠳ᠋ᠤᠭᠠᠷ ᠵᠠᠭᠤᠨ ᠦ ᠮᠣᠩᠭᠣᠯ ᠤᠳᠬ ᠠ ᠵᠤᠬᠢᠶᠠᠯ ᠤᠨ ᠲᠡᠦᠬᠡ ᠰᠤᠳᠤᠯᠤᠯ ᠢ ᠪᠦᠬᠦ ᠲᠠᠯ ᠠ ᠪᠠᠷ ᠡᠮᠬᠢᠯᠡᠨ ᠬᠤᠷᠢᠶᠠᠩᠭ᠋ᠤᠢᠯ᠌ᠠᠬᠤ ᠬᠢᠭᠡᠳ ᠳᠡᠭᠦᠨ ᠦ ᠬᠦᠭ᠍ᠵᠢᠯᠳᠡ ᠶᠢᠨ ᠵᠢᠮ ᠡ ᠶᠤᠰᠤᠨ ᠢ ᠤᠨᠤᠪᠴᠢᠲᠠᠢ ᠡᠵᠡᠮᠳᠡᠵᠦ ᠂ ᠮᠣᠩᠭᠣᠯ ᠤᠳᠬ᠎ᠠ ᠵᠤᠬᠢᠶᠠᠯ ᠤᠨ ᠲᠡᠦᠬᠡ ᠰᠤᠳᠤᠯᠤᠯ ᠢ ᠠᠬᠢᠭᠤᠯᠬᠤ ᠪᠤᠯ ᠮᠣᠩᠭᠣᠯ ᠤᠳᠬ ᠠ ᠵᠤᠬᠢᠶᠠᠯ ᠤᠨ ᠲᠡᠦᠬᠡ ᠵᠦᠢ ᠰᠢᠨᠵᠢᠯᠡᠯ ᠤᠨ ᠶᠡᠷᠦᠩᠭᠡᠢ ᠬᠠᠷᠠᠯᠲᠠ ᠮᠦᠨ ᠃ |
原文 |
查看原文
|
出自 |
内蒙古大学学报
2001年
第2期
|