摘要 |
ᠮᠣᠩᠭᠤᠯ ᠦᠨᠳᠦᠰᠦᠲᠡᠨ ᠦ 《ᠰᠠᠩ ᠤᠨ ᠰᠢᠯᠦᠭ》 ᠨᠢ ᠮᠣᠩᠭᠤᠯᠴᠤᠳ ᠤᠨ ᠡᠷᠲᠡᠨ ᠦ ᠲᠠᠬᠢᠯᠭ᠎ᠠ ᠳᠠᠢᠯᠭ᠎ᠠ ᠶᠢᠨ ᠢᠷᠠᠭᠤ ᠨᠠᠢᠷᠠᠭ ᠪᠤᠯᠬᠤ ᠶᠤᠮ᠃ ᠲᠡᠷᠡ ᠨᠢ ᠲᠡᠭᠷᠢ ᠭᠠᠵᠠᠷ᠂ ᠠᠭᠤᠯᠠ ᠤᠰᠤ᠂ ᠪᠤᠭᠲᠠ ᠬᠦᠮᠦᠰ᠂ ᠠᠮᠢᠲᠠᠨ ᠤᠷᠭᠤᠮᠠᠯ ᠳᠤ ᠪᠦᠷ ᠡᠵᠡᠳ ᠲᠡᠢ ᠰᠠᠬᠢᠭᠤᠰᠤ ᠲᠠᠢ ᠬᠡᠮᠡᠨ ᠣᠢᠯᠠᠭᠠᠵᠤ ᠲᠡᠳᠡᠨ ᠢ ᠳᠠᠬᠢᠨ ᠳᠠᠢᠵᠤ ᠪᠠᠶᠠᠷᠯᠠᠭᠤᠯᠤᠨ ᠪᠠᠢᠵᠤ᠂ ᠬᠡᠰᠡᠭ ᠰᠤᠶᠤᠷᠬᠠᠯ ᠬᠦᠷᠲᠡᠭᠡᠬᠦ ᠶᠢ ᠬᠦᠰᠡᠭᠰᠡᠨ ᠰᠠᠨᠠᠭ᠎ᠠ ᠪᠠᠨ ᠢᠯᠡᠷᠡᠭᠦᠯᠦᠭᠰᠡᠨ ᠪᠠᠢᠳᠠᠭ᠃ ᠡᠨᠡ ᠰᠠᠨᠠᠭ᠎ᠠ ᠪᠠᠨ ᠢᠯᠡᠷᠡᠭᠦᠯᠬᠦ ᠡᠭᠦᠳᠡᠨ ᠡᠴᠡ ᠪᠤᠶᠤ ᠲᠡᠳᠡᠭᠡᠷ ᠦᠨ ᠡᠵᠡᠳ ᠢ ᠳᠠᠭᠤᠳᠠᠨ ᠢᠷᠡᠭᠦᠯᠵᠦ ᠪᠠᠶᠠᠷᠯᠠᠭᠤᠯᠬᠤ ᠶᠢᠨ ᠲᠤᠯᠠᠲᠠ ᠮᠠᠭᠲᠠᠨ ᠰᠠᠢᠰᠢᠶᠠᠭᠰᠠᠨ ᠮᠠᠭᠲᠠᠭᠠᠯ ᠤᠨ ᠴᠢᠨᠠᠷ ᠲᠠᠢ ᠦᠭᠡ ᠬᠡᠯᠡᠵᠦ᠂ ᠰᠡᠳᠬᠢᠯ ᠢ ᠨᠢ ᠣᠯᠵᠤ ᠠᠪᠬᠤ ᠨᠢ ᠴᠢᠬᠤᠯᠠᠲᠠᠢ ᠪᠠᠢᠯ᠎ᠠ᠃ ᠶᠠᠭ ᠡᠨᠡ ᠬᠦ ᠪᠤᠳᠤᠯ ᠰᠡᠳᠬᠢᠯ ᠡᠴᠡ ᠡᠭᠦᠰᠴᠦ ᠳᠡᠭᠡᠳᠦ ᠲᠡᠭᠷᠢ᠂ ᠪᠤᠭᠲᠠ ᠬᠦᠮᠦᠰ᠂ ᠠᠭᠤᠯᠠ ᠤᠰᠤᠨ᠂ ᠠᠮᠢᠲᠠᠨ ᠢ ᠮᠠᠭᠲᠠᠵᠤ ᠲᠠᠬᠢᠯᠭ᠎ᠠ ᠳᠠᠢᠯᠭ᠎ᠠ ᠬᠢᠵᠦ ᠡᠷᠭᠦᠴᠡ ᠪᠠᠢᠴᠠ ᠪᠠᠨ ᠡᠷᠭᠦᠳᠡᠭ ᠪᠠᠢᠭᠰᠠᠨ ᠪᠠᠢᠨ᠎ᠠ᠃ |