摘要 |
ᠴᠢᠩ ᠤᠯᠤᠰ ᠤᠨ ᠦᠶ᠎ᠡ ᠳᠦ ᠳᠠᠭᠤᠷ ᠤᠨ ᠪᠢᠴᠢᠭᠳᠡᠨ ᠰᠡᠭᠡᠭᠡᠲᠡᠳ ᠮᠠᠨᠵᠤ ᠴᠠᠭᠠᠨ ᠲᠤᠯᠤᠭᠠᠢ ᠪᠠᠷ ᠳᠠᠭᠤᠷ ᠬᠡᠯᠡᠨ ᠦ ᠨᠤᠮ ᠵᠤᠬᠢᠶᠠᠯ ᠪᠢᠴᠢᠵᠦ ᠪᠠᠢ᠌ᠵᠠᠢ᠃ 19᠋ ᠳᠦᠭᠡᠷ ᠵᠠᠭᠤᠨ ᠤ ᠦᠶ᠎ᠡ ᠶᠢᠨ ᠠᠯᠳᠠᠷᠲᠤ ᠵᠤᠬᠢᠶᠠᠯᠴᠢ ᠠᠭᠤᠯᠠ ᠴᠡᠩᠰᠢᠩ ᠵᠡᠷᠭᠡ ᠬᠦᠮᠦᠰ ᠳᠠᠭᠤ ᠬᠡᠯᠡᠨ ᠦ ᠮᠠᠨᠵᠤ ᠪᠠᠷ ᠪᠢᠴᠢᠭᠯᠡᠬᠦ ᠰᠢᠰᠲ᠋ᠧᠮ ᠢ ᠪᠤᠯᠪᠠᠰᠤᠷᠠᠭᠤᠯᠤᠭᠰᠠᠨ ᠶᠤᠮ᠃ ᠲᠤᠰ ᠦᠭᠦᠯᠡᠯ ᠳᠦ ᠂ ᠵᠤᠬᠢᠶᠠᠭᠴᠢ ᠠᠴᠠ 《ᠠᠭᠤᠯᠠ ᠴᠡᠩᠰᠢᠩ ᠤᠨ ᠰᠢᠯᠦᠭ ᠦᠨ ᠲᠡᠭᠦᠪᠦᠷᠢ》《ᠮᠠᠨᠵᠤ ᠬᠢᠲᠠᠳ ᠳᠠᠭᠤᠷ ᠦᠰᠦᠭ ᠬᠠᠪᠰᠤᠷᠭᠠᠭᠰᠠᠨ ᠲᠤᠯᠢ ᠪᠢᠴᠢᠭ᠌》ᠵᠡᠷᠭᠡ ᠳᠤᠷᠠᠰᠬᠠᠯ ᠮᠠᠲ᠋ᠧᠷᠢᠶᠠᠯ ᠤᠳ ᠢ ᠦᠨᠳᠦᠰᠦᠯᠡᠨ ᠪᠠᠷᠤᠭ ᠬᠤᠶᠠᠷ ᠵᠠᠭᠤᠨ ᠵᠢᠯ ᠦᠨ ᠬᠤᠭᠤᠷᠤᠨᠳᠤ ᠤᠯᠠᠮᠵᠢᠯᠠᠭᠳᠠᠵᠤ ᠢᠷᠡᠭᠰᠡᠨ ᠮᠠᠨᠵᠤ ᠦᠰᠦᠭ ᠢᠶᠡᠷ ᠳᠠᠭᠤᠷ ᠬᠡᠯᠡ ᠶᠢ ᠪᠢᠴᠢᠭᠯᠡᠵᠦ ᠪᠠᠢ᠌ᠭᠰᠠᠨ ᠶᠤᠰᠤ ᠬᠠᠤᠯᠢ ᠶᠢ ᠪᠦᠬᠦ ᠲᠠᠯ᠎ᠠ ᠪᠠᠷ ᠬᠤᠷᠢᠶᠠᠩ᠋ᠭᠤᠢ᠌ᠯᠠᠨ ᠳ᠋ᠦᠩᠨᠡᠪᠡ᠃ |