题名 |
HPCE ᠠᠷᠭ᠎ᠠ ᠪᠠᠷ ᠮᠣᠩᠭᠤᠯ ᠡᠮ ᠦᠨ ᠮᠠᠲ᠋ᠧᠷᠢᠶᠠᠯ ᠠᠷᠴᠠ ᠳᠤ ᠬᠢ ᠭᠠᠷᠰᠤᠨ ᠬᠠᠯᠢᠰᠤᠨ ᠡᠳ᠋ ᠦᠨ ᠠᠭᠤᠯᠤᠭᠳᠠᠴᠠ ᠶᠢ ᠬᠡᠮᠵᠢᠭᠰᠡᠨ ᠨᠢ |
作者 |
ᠲᠢᠶᠠᠨ ᠾᠧ; ᠮᠧᠩ ᠭᠧᠨᠰᠢᠶᠤᠤ; ᠸᠠᠩ ᠰᠢᠦ ᠮᠧᠢ; ᠪᠦᠬᠡᠪᠠᠭᠠᠲᠤᠷ |
关键词 |
ᠬᠤᠨᠢᠨ ᠠᠷᠴᠠ; ᠭᠠᠷᠰᠤᠨ ᠬᠠᠯᠢᠰᠤᠨ ᠡᠳ᠋; ᠠᠭᠤᠯᠤᠭᠳᠠᠴᠠ ᠶᠢᠨ ᠬᠡᠮᠵᠢᠯᠲᠡ; HPCE ᠠᠷᠭ᠎ᠠ |
摘要 |
ᠵᠤᠷᠢᠯᠭ᠎ᠠ᠄ ᠦᠨᠳᠦᠷ ᠠᠰᠢᠭᠯᠠᠮᠵᠢᠲᠤ ᠬᠢᠯᠭᠠᠰᠤᠨ ᠭᠤᠤᠷᠰᠤᠲᠤ ᠴᠠᠬᠢᠭᠠᠨ ᠱᠤᠩᠪᠠᠯᠲᠠ (HPCE)᠋ ᠶᠢᠨ ᠠᠷᠭ᠎ᠠ ᠪᠠᠷ ᠮᠣᠩ᠋ᠭᠤᠯ ᠡᠮ ᠦᠨ ᠮᠠᠲ᠋ᠧᠷᠢᠶᠠᠯ ᠬᠤᠨᠢᠨ ᠠᠷᠴᠠ ᠶᠢᠨ ᠤᠰᠤᠭᠦᠢ ᠡᠲ᠋ᠢᠯ ᠠᠯᠺᠤᠤᠯ ᠢᠶᠠᠷ ᠭᠠᠷᠭᠠᠨ ᠠᠪᠤᠭᠰᠠᠨ ᠪᠤᠳᠠᠰ ᠲᠤ ᠬᠢ ᠭᠠᠷᠰᠤᠨ ᠬᠠᠯᠢᠰᠤᠨ ᠡᠳ᠋ ᠦᠨ ᠠᠭᠤᠯᠤᠭᠳᠠᠴᠠ ᠶᠢ ᠬᠡᠮᠵᠢᠨ᠎ᠡ᠃ ᠠᠷᠭ᠎ᠠ᠄ 10mmol/L ᠪᠦᠬᠦᠢ ᠲᠤᠩᠰᠠ -30mmol/L ᠪᠦᠬᠦᠢ ᠭᠤᠷᠪᠠᠨ ᠤᠰᠤᠮᠠᠭᠲᠤ ᠮᠧᠲ᠋ᠢᠯᠲᠤ ᠮᠧᠲ᠋ᠠᠨ ᠤ ᠨᠠᠮᠬᠠᠳᠬᠠᠭᠴᠢ ᠠᠭᠤᠰᠤᠮᠠᠯ ᠢ ᠬᠡᠷᠡᠭᠯᠡᠨ᠂ ᠴᠠᠬᠢᠯᠭᠠᠨ ᠳᠠᠷᠤᠴᠠ ᠨᠢ 20kV᠂ ᠪᠠᠭᠠᠨ᠎ᠠ ᠶᠢᠨ ᠲᠤᠯᠭᠠᠴᠠ ᠨᠢ 20℃᠋ ᠤᠨ ᠲᠤᠭᠲᠠᠭᠤᠨ ᠨᠦᠬᠦᠴᠡᠯ ᠳᠦ 254nm ᠳᠤᠯᠭᠢᠶᠠᠨ ᠤ ᠤᠷᠲᠤ ᠶᠢᠨ ᠪᠠᠢ᠌ᠷᠢ ᠳᠤ ᠬᠡᠮᠵᠢᠯᠲᠡ ᠬᠢᠪᠡ᠃ ᠦᠷ᠋ᠡ ᠳ᠋ᠦᠩ᠄ ᠲᠤᠷᠰᠢᠯᠲᠠ ᠶᠢᠨ ᠠᠭᠤᠰᠤᠮᠠᠯ ᠳᠤ ᠬᠢ ᠭᠠᠷᠰᠤᠨ ᠬᠠᠯᠢᠰᠤᠨ ᠡᠳ᠋ ᠨᠢ 13min᠋ ᠤᠨ ᠳᠤᠲᠤᠷ᠎ᠠ ᠪᠦᠷᠢᠮᠦᠰᠦᠨ ᠰᠠᠯᠵᠤ᠂ 0.4~2.0mg᠋ ᠤᠨ ᠬᠡᠪᠴᠢᠶᠡᠨ ᠳᠤᠲᠤᠷ᠎ᠠ ᠣᠷᠭᠢᠯ ᠤᠨ ᠲᠠᠯᠠᠪᠠᠢ ᠲᠠᠢ ᠪᠠᠨ ᠮᠠᠰᠢ ᠰᠠᠢ᠌ᠨ ᠱᠤᠭᠤᠮᠯᠢᠭ ᠬᠠᠷᠢᠴᠠᠭ᠎ᠠ ᠲᠠᠢ (T=0.9996) ᠪᠠᠢ᠌ᠵᠤ᠂ ᠬᠤᠨᠢᠨ ᠠᠷᠴᠠ ᠳᠤ ᠬᠢ ᠭᠠᠷᠰᠤᠨ ᠬᠠᠯᠢᠰᠤᠨ ᠡᠳ᠋ ᠦᠨ ᠠᠭᠤᠯᠤᠭᠳᠠᠴᠠ ᠨᠢ 1.955mg/g; ᠦᠯᠢᠭᠡᠷ ᠨᠡᠮᠡᠵᠦ ᠪᠤᠴᠠᠭᠠᠨ ᠠᠪᠬᠤ ᠲᠤᠷᠰᠢᠯᠲᠠ ᠳᠤ ᠣᠯᠤᠭᠰᠠᠨ ᠳᠤᠮᠳᠠᠴᠢ ᠪᠤᠴᠠᠭᠠᠮᠵᠢ ᠨᠢ 101.3%᠂ RSD%=1.04(n=5)᠃ ᠳ᠋ᠦᠩᠨᠡᠯᠲᠡ᠄ ᠲᠤᠷᠰᠢᠯᠲᠠ ᠶᠢᠨ ᠳ᠋ᠦᠩ ᠦᠨ ᠬᠠᠷᠠᠭᠤᠯᠤᠭᠰᠠᠨ ᠢᠶᠠᠷ᠂ ᠲᠤᠰ ᠠᠷᠭ᠎ᠠ ᠨᠢ ᠬᠢᠬᠦ ᠳᠦ ᠳᠦᠭᠦᠮ ᠪᠦᠭᠡᠳ ᠣᠨᠣᠪᠴᠢᠲᠠᠢ᠂ ᠲᠤᠭᠲᠠᠪᠤᠷᠢᠲᠤ ᠴᠢᠨᠠᠷ ᠢᠶᠠᠷ ᠰᠠᠢ᠌ᠨ ᠲᠤᠯᠠ HPCE ᠠᠷᠭ᠎ᠠ ᠶᠢ ᠮᠣᠩ᠋ᠭᠤᠯ ᠡᠮ ᠦᠨ ᠮᠠᠲ᠋ᠧᠷᠢᠶᠠᠯ ᠠᠷᠴᠠ ᠶᠢᠨ ᠴᠢᠨᠠᠷ ᠴᠢᠨᠰᠠᠭ᠎ᠠ ᠶᠢ ᠡᠵᠡᠮᠰᠢᠬᠦ ᠠᠨᠠᠯᠢᠰ ᠤᠨ ᠠᠷᠭ᠎ᠠ ᠪᠤᠯᠭᠠᠨ ᠬᠡᠷᠡᠭᠯᠡᠵᠦ ᠪᠤᠯᠤᠨ᠎ᠠ᠃ |
原文 |
查看原文
|
出自 |
内蒙古民族大学学报(蒙医药学)
2011年
第1期
|