摘要 |
ᠳᠤᠰ ᠦᠭᠦᠯᠡᠯ《ᠠᠪᠠᠢ ᠬᠡᠰᠡᠷ ᠪᠤᠭᠳᠠ ᠬᠠᠭᠠᠨ》ᠲᠤᠤᠯᠢ ᠶᠢᠨ 《ᠴᠠᠭ᠌ ᠳᠠᠷᠤᠯᠭ᠎ᠠ》ᠦᠬᠡ ᠶᠢ ᠰᠢᠨᠵᠢᠯᠡᠪᠡ᠃ ᠲᠤᠤᠯᠢ ᠶᠢᠨ ᠴᠡᠭ ᠳᠠᠷᠤᠯᠭ᠎ᠠ ᠨᠢ ᠪᠦᠬᠡ ᠨᠠᠷ ᠤᠨ ᠰᠦᠯᠳᠡ ᠤᠩᠭ᠋ᠤᠳ ᠤᠨ ᠶᠢᠨᠨ ᠮᠥᠩᠬᠡᠳᠡ ᠬᠠᠷᠠᠵᠤ ᠮᠠᠨᠠᠬᠤ ᠪᠠ ᠵᠤᠯ ᠵᠠᠶᠠᠭ᠎ᠠ ᠠᠪᠴᠢᠷᠠᠵᠤ᠂ ᠭᠠᠵᠠᠷ ᠤᠰᠤ ᠬᠦᠮᠦᠨ ᠳᠡᠭᠡᠨ ᠤᠪᠳᠠᠭᠤᠯᠤᠨ ᠳᠠᠰᠬᠠᠬᠤ ᠮᠡᠳᠦ ᠶᠢ ᠳᠠᠭᠠᠳᠬᠠᠵᠤ ᠰᠢᠪᠰᠢᠭᠯᠡᠨ ᠵᠢᠴᠢ ᠤᠩᠭ᠋ᠤᠳ ᠳᠠᠬᠢᠯᠭ᠎ᠠ ᠶᠢᠨ ᠳᠠᠭᠠᠳᠬᠠᠯ ᠳᠠᠭᠤᠳᠠᠯᠭ᠎ᠠ ᠶᠢᠨ ᠦᠬᠡ ᠳᠤ ᠲᠤᠬᠢᠷᠠᠯᠴᠠᠬᠤ ᠰᠢᠨᠵᠢ ᠲᠠᠢ ᠶᠢ ᠬᠠᠷᠠᠭᠤᠯᠪᠠ᠃ ᠲᠤᠤᠯᠢ ᠶᠢ ᠰᠦᠨᠢ ᠬᠠᠢ᠌ᠯᠠᠳᠠᠭ ᠲᠤ ᠰᠦᠨᠢ ᠪᠤᠯᠬᠤ ᠪᠡᠷ ᠤᠩᠭ᠋ᠤᠳ ᠴᠢᠳᠭᠦᠷ ᠤᠨ ᠬᠦᠶᠦᠳᠡᠯ ᠴᠢᠩᠭ᠋ᠠᠷᠠᠵᠤ᠂ ᠪᠦᠬᠡ ᠳᠤ ᠤᠩᠭ᠋ᠤᠳ ᠠᠮᠠᠷᠬᠠᠨ ᠤᠷᠤᠳᠠᠭ ᠵᠢᠴᠢ 《ᠰᠠᠷ᠎ᠠ ᠮᠡᠴᠢᠳ ᠤᠨ ᠲᠤᠬᠢᠶᠠᠯᠠᠭᠠ》ᠨᠢ ᠴᠢᠬᠤᠯᠠ ᠤᠴᠢᠷᠯᠠᠯ ᠪᠤᠯᠵᠤ ᠪᠠᠢ᠌ᠳᠠᠭ ᠢ ᠳᠤᠲᠤᠷᠬᠠᠢ᠌ᠯᠠᠪᠠ᠃ |