题名 |
ᠬᠡᠯᠡᠨ ᠦ ᠤᠢ᠌ᠷᠠᠳᠤᠯᠴᠠᠭᠠᠨ ᠡᠴᠡ ᠬᠡᠯᠡᠨ ᠦ ᠬᠦᠭ᠍ᠵᠢᠯᠳᠡ ᠳᠤ ᠦᠵᠡᠬᠦᠯᠭᠦ ᠠᠬᠢᠭᠤᠯᠬᠤ ᠦᠢᠯᠡᠳᠦᠯ ᠪᠠ ᠤᠳᠠᠭᠠᠰᠢᠷᠠᠭᠤᠯᠬᠤ ᠦᠢᠯᠡᠳᠦᠯ ᠤᠨ ᠲᠤᠬᠠᠢ ᠠᠵᠢᠭᠯᠠᠯᠲᠠ |
作者 |
ᠪᠤᠤ ᠰᠠᠷᠡᠨ |
关键词 |
ᠬᠡᠯᠡᠨ ᠦ ᠤᠢ᠌ᠷᠠᠳᠤᠯᠴᠠᠭᠠ ; ᠳ᠋ᠦᠩᠰᠢᠶᠠᠩ ᠬᠡᠯᠡ ; ᠬᠢᠲᠠᠳ ᠬᠡᠯᠡ |
摘要 |
ᠬᠡᠯᠡᠨ ᠦ ᠤᠢ᠌ᠷᠠᠳᠤᠯᠴᠠᠭᠠᠨ ᠳᠤ ᠨᠢᠭᠡ ᠬᠡᠯᠡ ᠨᠢ ᠨᠦᠭᠦᠬᠡ ᠬᠡᠯᠡᠨ ᠦ ᠠᠪᠢᠶᠠᠨ ᠦ ᠬᠦᠭ᠍ᠵᠢᠯᠳᠡ ᠳᠤ ᠠᠬᠢᠭᠤᠯᠬᠤ ᠦᠢᠯᠡᠳᠦᠯ ᠪᠠ ᠤᠳᠠᠭᠠᠰᠢᠷᠠᠭᠤᠯᠬᠤ ᠦᠢᠯᠡᠳᠦᠯ ᠬᠡᠭᠦ ᠬᠤᠶᠠᠷ ᠵᠦᠢᠯ ᠤᠨ ᠦᠢᠯᠡᠳᠦᠯ ᠦᠵᠡᠭᠦᠯᠳᠡᠭ᠃ ᠠᠬᠢᠭᠤᠯᠬᠤ ᠦᠢᠯᠡᠳᠦᠯ ᠡᠴᠡ ᠪᠤᠯᠵᠤ ᠨᠢᠭᠡ ᠬᠡᠯᠡᠨ ᠦ ᠠᠪᠢᠶᠠᠨ ᠦ ᠰᠢᠰᠲ᠋ᠸᠮ ᠳᠤᠨᠢ ᠦᠪᠡᠷ ᠤᠨ ᠲᠤᠳᠤᠭᠠᠳᠤ ᠶᠢᠨ ᠬᠦᠭ᠍ᠵᠢᠯ ᠤᠨ ᠵᠢᠮ ᠡ ᠬᠠᠤᠯᠢ ᠲᠠᠢ ᠨᠡᠢ᠌ᠴᠡᠬᠦ ᠦᠭᠡᠢ ᠰᠢᠨ᠎ᠡ ᠰᠢᠨ᠎ᠡ ᠤᠨᠴᠠᠭᠠᠢ ᠠᠪᠢᠶᠠᠨ ᠦ ᠤᠨᠴᠠᠯᠢᠭ ᠪᠤᠢ ᠪᠤᠯᠵᠤ᠂ ᠴᠢᠨᠠᠭᠰᠢᠯᠠᠨ ᠠᠪᠢᠶᠠᠨ ᠦ ᠪᠦᠳᠦᠴᠡ ᠨᠢ ᠰᠢᠰᠲ᠋ᠸᠮ ᠲᠠᠢ ᠪᠡᠷ ᠬᠤᠪᠢᠷᠠᠯᠲᠠ ᠭᠠᠷᠴᠤ ᠮᠡᠳᠡᠨ᠎ᠡ᠃ ᠤᠳᠠᠭᠠᠰᠢᠷᠠᠭᠤᠯᠬᠤ ᠦᠢᠯᠡᠳᠦᠯ ᠨᠢ ᠠᠪᠢᠶᠠᠨ ᠦ ᠤᠤᠯ ᠤᠨ ᠤᠨᠴᠠᠯᠢᠭ ᠢ ᠪᠠᠳᠤᠳᠬᠠᠵᠤ᠂ ᠬᠤᠪᠢᠷᠠᠬᠤ ᠬᠠᠨᠳᠦᠰᠢ ᠲᠠᠢ ᠶᠠᠮᠠᠷ ᠨᠢᠭᠡᠨ ᠲᠤᠭᠳᠠᠭᠤᠨ ᠪᠤᠰᠤ ᠠᠪᠢᠶᠠᠨ ᠦ ᠪᠦᠷᠢᠯᠳᠦᠭᠦᠨ ᠦ ᠴᠢᠨᠠᠭᠰᠢᠳᠠ ᠬᠤᠪᠢᠷᠠᠨ ᠬᠦᠭ᠍ᠵᠢᠬᠦ ᠶᠢ ᠤᠳᠠᠭᠠᠰᠢᠷᠠᠭᠤᠯᠤᠨ ᠳᠡᠳᠡᠭᠡᠷ ᠠᠪᠢᠶᠠᠨ ᠦ ᠤᠨᠴᠠᠯᠢᠭ ᠤᠨ ᠤᠷᠳᠤ ᠬᠤᠭᠤᠴᠠᠭ᠎ᠠ ᠪᠡᠷ ᠬᠠᠳᠠᠭᠠᠯᠠᠭᠳᠠᠬᠤ ᠶᠢ ᠪᠠᠳᠤᠯᠠᠵᠤ ᠴᠢᠳᠠᠨ᠎ᠠ᠃ ᠳᠤᠰ ᠦᠭᠦᠯᠡᠯ ᠳᠤ ᠳ᠋ᠦᠨᠰᠢᠶᠠᠩ ᠬᠡᠯᠡ ᠪᠠ ᠬᠢᠲᠠᠳ ᠬᠡᠯᠡᠨ ᠦ ᠤᠢᠷᠠᠳᠤᠯᠴᠠᠭᠠ ᠪᠠᠷ ᠵᠢᠱᠢᠶᠡᠯᠡᠨ ᠡᠨᠡ ᠬᠦ ᠬᠤᠶᠠᠷ ᠦᠢᠯᠡᠳᠦᠯ ᠢ ᠵᠠᠳᠠᠯᠤᠨ ᠰᠢᠨᠵᠢᠯᠡᠭᠰᠡᠨ ᠪᠠᠢ᠌ᠨ᠎ᠠ᠃ |
原文 |
查看原文
|
出自 |
内蒙古大学学报
2008年
第1期
|