题名 |
ᠤᠳᠬ᠎ᠠ ᠵᠤᠬᠢᠶᠠᠯ ᠤᠨ ᠰᠢᠨᠵᠢ ᠴᠢᠨᠠᠷ ᠤᠨ ᠲᠤᠬᠠᠢ ᠰᠤᠳᠨᠠᠮᠷᠠᠪᠳᠠᠨ ᠤ ᠦᠵᠡᠯ ᠪᠠᠷᠢᠮᠳᠠᠯᠠᠯ ᠢ ᠲᠤᠪᠴᠢ ᠦᠭᠦᠯᠡᠬᠦ ᠨᠢ |
作者 |
ᠲᠡᠳᠡ ᠫᠷᠤᠹᠸᠰᠰᠤᠷ ᠠᠷᠢᠭᠤᠨ |
关键词 |
ᠤᠳᠬ᠎ᠠ ᠵᠤᠬᠢᠶᠠᠯ; ᠰᠢᠨᠵᠢ ᠴᠢᠨᠠᠷ; ᠰᠤᠳᠨᠠᠮᠷᠠᠪᠳᠠᠨ ᠤ ᠦᠵᠡᠯ ᠪᠠᠷᠢᠮᠳᠠᠯᠠᠯ |
摘要 |
ᠮᠤᠩᠭ᠋ᠤᠯᠴᠤᠳ ᠬᠡᠴᠢᠨᠡᠬᠡᠨ ᠮᠢᠩᠭ᠋ᠠᠨ ᠵᠢᠯ ᠤᠨ ᠲᠡᠷᠳᠡᠭᠡ ᠡᠴᠡ ᠤᠷᠠᠨ ᠵᠤᠬᠢᠶᠠᠯ ᠤᠨ ᠪᠠᠶᠠᠯᠢᠭ ᠦᠪ ᠢ ᠪᠦᠳᠦᠭᠡᠭ᠍ᠰᠡᠭᠡᠷ ᠢᠷᠡᠭᠰᠡᠨ ᠶᠤᠮ᠃ ᠭᠡᠪᠡᠴᠦ ᠦᠪᠡᠷ ᠤᠨ ᠪᠦᠷᠢᠨ ᠲᠦᠬᠦᠷ ᠪᠦᠳᠦᠴᠡ ᠲᠠᠢ ᠵᠤᠬᠢᠶᠠᠯ ᠤᠷᠠᠯᠢᠭ ᠤᠨ ᠤᠨᠤᠯ ᠤᠨ ᠲᠤᠭᠳᠠᠯᠴᠠᠭ᠎ᠠ ᠲᠠᠢ ᠪᠤᠯᠤᠭᠰᠠᠨ ᠨᠢ 20 ᠳ᠋ᠤᠭᠠᠷ ᠵᠠᠭᠤᠨ ᠤ ᠲᠤᠮᠳᠠᠴᠢ᠂ ᠰᠡᠭᠦᠯᠴᠢ ᠦᠶ᠎ᠡ ᠭᠡᠵᠦ ᠲᠤᠢ᠌ᠮᠤᠴᠢᠯᠠᠨ ᠬᠡᠯᠡᠬᠦ ᠳᠤ ᠪᠤᠷᠤᠭᠤᠳᠠᠬᠤ ᠦᠭᠡᠢ᠃ ᠮᠤᠩᠭ᠋ᠤᠯ ᠤᠳᠬ᠎ᠠ ᠵᠤᠬᠢᠶᠠᠯ ᠤᠨ ᠦᠨᠳᠦᠰᠦᠨ ᠤᠨᠤᠯ ᠤᠨ ᠪᠦᠳᠦᠭᠡᠨ ᠪᠠᠢ᠌ᠭᠤᠯᠤᠯᠳᠠ ᠨᠢ ᠲᠦᠷᠦᠭᠦᠦ ᠵᠠᠭᠤᠨ ᠤ 60 ᠌᠌᠌᠌᠌᠌᠌᠌᠌ᠭᠠᠳ ᠤᠨ ᠤ ᠦᠶ᠎ᠡ ᠡᠴᠡ ᠡᠬᠢᠯᠡᠵᠦ ᠰᠠᠨᠠᠭᠠᠴᠢᠯᠠᠭ᠎ᠠ ᠲᠠᠢ᠂ ᠤᠬᠠᠮᠰᠠᠷ ᠲᠠᠢ ᠠᠵᠢᠯᠯᠠᠭ᠎ᠠ ᠪᠤᠯᠵᠤ ᠢᠷᠡᠵᠡᠢ᠃ ᠲᠤᠳᠤᠷᠬᠠᠢ ᠶᠠᠷᠢᠪᠠᠯ ᠮᠠᠷᠺᠰ ᠤᠨ ᠦᠵᠡᠯ ᠤᠨ ᠤᠨᠤᠯ ᠤᠨ ᠤᠯᠠᠮᠵᠢᠯᠠᠭᠳᠠᠨ ᠤᠷᠤᠵᠤ ᠢᠷᠡᠬᠦ ᠶᠢ ᠲᠠᠭᠠᠯᠳᠤᠨ ᠤᠳᠤ ᠦᠶ᠎ᠡ ᠶᠢᠨ ᠵᠤᠬᠢᠶᠠᠯ ᠤᠷᠠᠯᠢᠭ ᠤᠨ ᠤᠨᠤᠯ ᠡᠬᠢᠯᠡᠨ ᠮᠡᠨᠳᠦᠯᠡᠭᠰᠡᠨ ᠶᠤᠮ᠃ ᠰᠤᠳᠨᠠᠮᠷᠠᠪᠳᠠᠨ 20 ᠳ᠋ᠤᠭᠠᠷ ᠵᠠᠭᠤᠨ ᠤ 60᠌ ᠭᠠᠳ ᠤᠨ ᠡᠴᠡ ᠤᠳᠬ᠎ᠠ ᠵᠤᠬᠢᠶᠠᠯ ᠤᠨ ᠤᠨᠤᠯ ᠰᠤᠳᠤᠯᠤᠯ ᠶᠢᠡᠨ ᠡᠬᠢᠯᠡᠭᠦᠯᠬᠦ ᠳ᠋ᠡᠭᠡᠨ ᠬᠠᠮᠤᠭ ᠲᠦᠷᠦᠭᠦᠦ ᠤᠳᠬ᠎ᠠ ᠵᠤᠬᠢᠶᠠᠯ ᠤᠨ ᠰᠢᠨᠵᠢ ᠴᠢᠨᠠᠷ ᠤᠨ ᠠᠰᠠᠭᠤᠳᠠᠯ ᠢ ᠰᠢᠨᠵᠢᠯᠡᠬᠦ ᠡᠴᠡ ᠭᠠᠷᠳᠠᠭᠰᠠᠨ ᠶᠤᠮ᠃ ᠦᠭᠦᠯᠡᠯ ᠳᠤ᠂ ᠤᠳᠬ᠎ᠠ ᠵᠤᠬᠢᠶᠠᠯ ᠤᠨ ᠰᠢᠨᠵᠢ ᠴᠢᠨᠠᠷ ᠤᠨ ᠲᠤᠬᠠᠢ ᠰᠤᠳᠨᠠᠮᠷᠠᠪᠳᠠᠨ ᠤ ᠦᠵᠡᠯ ᠪᠠᠷᠢᠮᠳᠠᠯᠠᠯ ᠢ ᠭᠤᠷᠪᠠᠨ ᠲᠠᠯ᠎ᠠ ᠡᠴᠡ ᠦᠭᠦᠯᠡᠬᠦ ᠶᠢ ᠵᠤᠷᠢᠪᠠ᠃ |
原文 |
查看原文
|
出自 |
内蒙古社会科学(蒙文版)
2015年
第1期
|