摘要 |
ᠣᠳᠣ ᠦᠶ᠎ᠡ ᠶᠢᠨ ᠮᠣᠩᠭᠣᠯ ᠰᠢᠯᠦᠭ ᠲᠤ ᠤᠶᠠᠩᠭ᠋ᠠᠯᠠᠬᠤᠢ ᠦᠵᠡᠯ᠂ ᠰᠠᠨᠠᠭ᠎ᠠ ᠲᠦᠷᠢ ᠶᠢᠨ ᠦᠵᠡᠯ ᠪᠠ ᠬᠡᠯᠡᠨ ᠦ ᠰᠢᠯᠦᠭ ᠵᠦᠢ ᠭᠡᠬᠦ ᠭᠤᠷᠪᠠᠨ ᠶᠡᠬᠡ ᠰᠢᠯᠦᠭ ᠵᠦᠢ ᠶᠢᠨ ᠦᠵᠡᠯ ᠰᠠᠨᠠᠭ᠎ᠠ ᠪᠦᠷᠢᠯᠳᠦᠭᠰᠡᠨ ᠪᠠᠢ᠌ᠨ᠎ᠠ᠃ ᠤᠶᠠᠩᠭ᠋ᠠᠯᠠᠭᠴᠢ ᠡᠴᠡ ᠦᠵᠡᠭᠦᠯᠬᠦ ᠲᠠᠢ᠌ᠰᠢ᠂ ᠰᠡᠳᠭᠢᠯᠭᠡ ᠪᠡᠷ ᠲᠦᠪᠯᠡᠬᠦ ᠡᠴᠡ ᠰᠠᠷᠠᠯ ᠤᠶᠤᠨ ᠤ ᠴᠢᠬᠤᠯᠠᠴᠢᠯᠠᠯ᠂ ᠳᠡᠯᠭᠡᠮᠡᠯ ᠰᠡᠳᠭᠢᠬᠦᠢ ᠡᠴᠡ ᠬᠤᠷᠢᠶᠠᠩᠭ᠋ᠤᠢ ᠰᠡᠳᠭᠢᠬᠦᠢ ᠡᠴᠡ ᠬᠤᠷᠢᠶᠠᠩᠭ᠋ᠤᠢ ᠰᠡᠳᠭᠢᠬᠦᠢ᠂ ᠮᠡᠷᠭᠡᠵᠢᠯ ᠦᠨ ᠨᠢᠭ᠌ᠲᠠᠴᠠ ᠶᠢᠨ ᠳᠡᠭᠡᠭ᠍ᠰᠢᠯᠡᠯ ᠵᠡᠷᠭᠡ ᠪᠣᠯ ᠰᠠᠨᠠᠭ᠎ᠠ ᠳᠦᠷᠢ ᠶᠢᠨ ᠦᠵᠡᠯ ᠡᠴᠡ ᠠᠪᠴᠢᠷᠠᠭᠰᠠᠨ ᠰᠢᠨ᠎ᠡ ᠬᠣᠪᠢᠷᠠᠯᠲᠠ ᠪᠣᠯᠤᠨ᠎ᠠ᠃ ᠰᠠᠨᠠᠭ᠎ᠠ ᠳᠦᠷᠢ ᠶᠢᠨ ᠦᠵᠡᠯ ᠳᠥ ᠪᠠᠰᠠ ᠪᠣᠳᠤᠯᠢᠶᠠᠨ ᠲᠠᠢ ᠲᠣᠷᠰᠢᠯᠭ᠎ᠠ ᠶᠢ ᠢᠯᠡᠳᠭᠡᠬᠦ ᠳᠥ ᠬᠦᠴᠢᠷ ᠲᠠᠢ᠂ ᠰᠠᠨᠠᠭ᠎ᠠ ᠪᠠ ᠳᠦᠷᠢ ᠠᠯᠭᠠᠰᠠᠬᠤ ᠭᠡᠬᠦ ᠮᠡᠲᠦ ᠳᠤᠲᠠᠭᠳᠠᠯ ᠪᠣᠢ᠃ |