摘要 |
ᠬᠤᠷᠴᠢᠨ ᠤ ᠤᠷᠠᠨ ᠵᠤᠬᠢᠶᠠᠯ ᠳᠠᠬᠢ ᠣᠳᠣᠬᠢᠴᠢ ᠤᠬᠠᠮᠰᠠᠷ ᠢ ᠬᠢᠮᠤᠷᠠᠯᠲᠤ ᠰᠡᠳᠬᠢᠴᠡ᠂ ᠡᠮᠡᠭᠲᠡᠢ᠌ᠴᠦᠳ ᠦᠨ ᠤᠬᠠᠮᠰᠠᠷ᠂ ᠣᠷᠤᠨ ᠨᠤᠲᠤᠭ ᠤᠨ ᠲᠡᠦᠬᠡ ᠶᠢᠨ ᠤᠯᠠᠮᠵᠢᠯᠠᠯ ᠢ ᠴᠤᠭᠴᠠᠯᠠᠬᠤ ᠭᠡᠰᠡᠨ ᠰᠤᠶᠤᠯ ᠤᠨ ᠤᠬᠠᠮᠰᠠᠷ᠂ ᠠᠮᠢ ᠨᠠᠰᠤᠨ ᠤ ᠤᠤᠷ ᠲᠤᠭᠲᠤᠯᠤᠯ ᠪᠤᠶᠤ ᠬᠤᠷᠢᠴᠠᠯ ᠤᠨ ᠤᠬᠠᠮᠰᠠᠷ ᠵᠡᠷᠭᠡ ᠬᠡᠳᠦᠨ ᠠᠭᠤᠯᠭ᠎ᠠ ᠳᠤ ᠬᠤᠪᠢᠶᠠᠨ ᠨᠠᠷᠢᠰᠬᠠᠨ ᠰᠢᠨᠵᠢᠯᠡᠬᠦ ᠪᠡᠷ ᠳᠠᠮᠵᠢᠵᠤ᠂ ᠨᠤᠲᠤᠭ ᠤᠰᠤᠨ ᠤ ᠤᠷᠠᠨ ᠵᠤᠬᠢᠶᠠᠯ ᠭᠡᠳᠡᠭ ᠨᠢ ᠨᠢᠭᠡᠨᠲᠡ ᠬᠡᠪᠰᠢᠵᠦ ᠲᠤᠭᠲᠠᠭᠰᠠᠨ ᠣᠷᠤᠨ ᠨᠤᠲᠤᠭ ᠤᠨ ᠠᠮᠢᠳᠤᠷᠠᠯ ᠵᠠᠩᠰᠢᠯ ᠢ ᠯᠡ ᠳᠤᠰᠬᠠᠳᠠᠭ ᠲᠡᠳᠦᠢ ᠪᠢᠰᠢ᠂ ᠬᠠᠷᠢᠨ ᠴᠠᠭ ᠦᠶ᠎ᠡ ᠶᠢᠨ ᠠᠢ᠌ᠵᠠᠮ ᠢ ᠳᠠᠭᠠᠵᠤ ᠰᠢᠨ᠎ᠡ ᠤᠬᠠᠮᠰᠠᠷ᠂ ᠰᠢᠨ᠎ᠡ ᠣᠢ᠌ᠯᠠᠭᠠᠭᠳᠠᠬᠤᠨ ᠢ ᠲᠠᠰᠤᠷᠠᠯᠲᠠ ᠦᠭᠡᠢ ᠰᠢᠩᠭᠡᠭᠡᠨ ᠠᠪᠴᠤ ᠲᠠᠰᠤᠷᠠᠯᠲᠠ ᠦᠭᠡᠢ ᠦᠪᠡᠷ ᠢ ᠪᠡᠨ ᠰᠢᠨᠡᠴᠢᠯᠡᠵᠦ ᠪᠠᠢ᠌ᠳᠠᠭ ᠭᠡᠵᠦ ᠦᠵᠡᠵᠡᠢ᠃ |